ᠨᠡᠷ᠎ᠡ:
ᠮᠣᠯᠤᠷ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠮᠣᠯᠤᠷ ᠂ ᠪᠦᠲᠦᠨ ᠨᠡᠷ᠎ᠡ ᠨᠢ ᠮᠣᠯᠤᠷᠡᠷᠳᠡᠨᠢ ᠂ ᠬᠡᠷᠡᠭᠯᠡᠵᠦ ᠪᠠᠢᠭᠰᠠᠨ ᠪᠢᠷ ᠦ᠋ᠨ ᠨᠡᠷ᠎ᠡ ᠰᠦᠯᠳᠡ ᠂ ᠮᠣᠯᠤᠷ ᠂ ᠪᠣᠯᠤᠷ ᠭᠡᠬᠦ ᠮᠡᠲᠦ ᠪᠡᠷ ᠪᠤᠢ ᠃ ᠣᠳᠤ ᠶᠢᠨ ᠤᠯᠠᠭᠠᠨᠬᠠᠳᠠ ᠬᠣᠲᠠ ᠶᠢᠨ ᠠᠷᠤ ᠬᠣᠷᠴᠢᠨ ᠬᠣᠰᠢᠭᠤᠨ ᠤ᠋ ᠤᠤᠯ ᠤ᠋ᠨ ᠳᠤᠤᠲᠠᠨ ᠪᠠᠯᠭᠠᠰᠤᠨ ᠤ ᠪᠠᠶᠠᠡᠭᠭᠣᠤᠯ ᠭᠠᠴᠠᠭ᠎ᠠ ᠶᠢᠨ ᠣᠪᠤᠭ᠎ᠠ ᠠᠢᠯ ᠢ᠋ᠶ᠋ᠠᠷ ᠨᠤᠲᠤᠭ ᠲᠠᠢ ᠃ 1960 ᠣᠨ ᠳ᠋ᠤ᠌ ᠲᠤᠰ ᠭᠠᠴᠠᠭ᠎ᠠ ᠶᠢᠨ ᠭᠠᠴᠠᠭᠠᠨ ᠰᠤᠷᠭᠠᠭᠤᠯᠢ ᠶᠢᠨ ᠪᠠᠭᠰᠢ ᠂ ᠭᠠᠴᠠᠭᠠᠨ ᠤ ᠠᠳᠤᠭᠤᠴᠢᠨ ᠪᠤᠶᠤ ᠶᠡᠬᠡ ᠪᠠᠷᠢᠭᠠᠳᠠ ᠶᠢᠨ ᠡᠷᠬᠢᠯᠡᠭᠴᠢ ᠶᠠᠪᠤᠵᠤ ᠪᠠᠢᠭᠰᠠᠨ ᠪᠤᠷᠪᠢᠴᠢᠨ ᠠᠢᠮᠠᠭ ᠤ᠋ᠨ ᠰᠠᠮᠳᠠᠨ ᠂ ᠳᠣᠯᠤᠳ ᠠᠢᠮᠠᠭ ᠤ᠋ᠨ ᠭᠠᠡᠭᠭᠠᠷᠢᠮᠠ ︵ 1949 ᠣᠨ ᠳ᠋ᠤ᠌ ᠳᠤᠮᠳᠠᠳᠤ ᠤᠯᠤᠰ ᠤᠨ ᠨᠢᠭᠤᠴᠠ ᠨᠠᠮ ᠤᠨ ᠭᠡᠰᠢᠭᠦᠨ ᠂ ᠳᠤᠤᠲᠠᠨ ᠨᠤᠲᠤᠭ ᠤᠨ ᠨᠠᠮ ᠤᠨ ᠡᠭᠦᠷ ᠦ᠋ᠨ ᠱᠦᠵᠢ ᠪᠡᠷ ᠲᠣᠮᠢᠯᠠᠭᠳᠠᠨ ᠨᠠᠮ ᠤᠨ ᠠᠵᠢᠯ ᠢ ᠨᠢᠭᠤᠴᠠ ᠪᠠᠷ ᠥᠷᠨᠢᠭᠦᠯᠵᠦ ᠪᠠᠢᠭᠰᠠᠨ ᠳᠣᠯᠤᠳ ᠠᠢᠮᠠᠭ ᠤ᠋ᠨ ᠲᠣᠭᠲᠠᠬᠤ ᠶᠢᠨ ᠥᠬᠢᠨ ︶ ᠵᠢᠨ ᠤᠤᠭᠠᠨ ᠬᠦᠦ ᠨᠢ ᠪᠣᠯᠵᠤ ᠵᠠᠶᠠᠭᠠᠭᠳᠠᠵᠠᠢ ᠃ 1978 ᠣᠨ ᠳ᠋ᠤ᠌ ᠳᠤᠤᠲᠠᠨ ᠥᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠠ᠋ᠴᠠ ᠲᠡᠭᠦᠰᠴᠦ ᠂ ᠭᠠᠴᠠᠭᠠᠨ ᠳ᠋ᠠᠭᠠᠨ ᠠᠷᠠᠳ ᠤᠨ ᠪᠠᠭᠰᠢ ᠪᠠᠷ ᠠᠵᠢᠯᠯᠠᠨ ᠠᠩᠬᠠᠨ ᠤ᠋ ᠠᠵᠢᠯ ᠤᠨ ᠭᠠᠷᠤᠭ᠎ᠠ ᠪᠠᠨ ᠠᠪᠤᠭᠰᠠᠨ ᠪᠣᠯᠪᠠᠴᠤ ᠂ ᠠᠵᠢᠯᠯᠠᠵᠤ ᠪᠠᠢᠬᠤ ᠳᠤᠮᠳᠠ ᠪᠠᠨ ᠤᠤᠯ ᠤ᠋ᠨ ᠵᠤᠤ ᠤᠳᠠ ᠠᠢᠮᠠᠭ ᠤ᠋ᠨ ︽ ᠯᠢᠨᠳᠦ᠋ᠩ ᠳ᠋ᠡᠬᠢ ᠪᠠᠭᠰᠢ ᠶᠢᠨ ᠶᠡᠬᠡ ᠰᠤᠷᠭᠠᠭᠤᠯᠢ ︾ ᠳ᠋ᠤ ᠰᠢᠯᠭᠠᠨ ᠣᠷᠤᠵᠤ ᠰᠤᠷᠤᠯᠴᠠᠨ ᠲᠡᠭᠦᠰᠴᠡᠢ ᠃ ᠳᠠᠬᠢᠨ 1984 ᠣᠨ ᠳ᠋ᠤ᠌ ︽ ᠤᠯᠠᠭᠠᠨᠬᠠᠳᠠ ᠬᠤᠳᠠ ᠶᠢᠨ ᠪᠠᠭᠰᠢ ᠶᠢᠨ ᠳᠡᠭᠡᠳᠦ ᠰᠤᠷᠭᠠᠭᠤᠯᠢ ᠶᠢᠨ ᠬᠡᠯᠡ ᠤᠳᠭ᠎ᠠ ᠵᠣᠬᠢᠶᠠᠯ ᠤᠨ ᠰᠠᠯᠪᠤᠷᠢ ︾ ᠳ᠋ᠤ ᠰᠢᠯᠭᠠᠨ ᠣᠷᠤᠵᠤ ᠰᠤᠷᠤᠯᠴᠠᠨ ᠲᠡᠭᠦᠰᠪᠡ ᠂ 1989 ᠣᠨ ᠳ᠋ᠤ᠌ ︽ ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ ᠮᠣᠩᠭᠤᠯ ᠬᠡᠯᠡ ᠤᠳᠭ᠎ᠠ ᠵᠣᠬᠢᠶᠠᠯ ᠤᠨ ᠰᠠᠯᠪᠤᠷᠢ ︾ ᠳ᠋ᠤ ᠡᠯᠰᠡᠭᠳᠡᠭᠰᠡᠨ ᠪᠣᠯᠪᠠᠴᠤ ᠲᠡᠷᠡ ᠦᠶ᠎ᠡ ᠳ᠋ᠦ᠍ ᠠᠵᠢᠯ ᠠᠮᠢᠳᠤᠷᠠᠯ ᠮᠠᠰᠢ ᠶᠠᠭᠠᠷᠠᠤ ᠪᠣᠯᠬᠣᠷ ᠲᠡᠷᠡ ᠨᠣᠷᠮ᠎ᠠ ᠪᠠᠨ ᠠᠷᠭ᠎ᠠ ᠦᠭᠡᠢ ᠣᠷᠬᠢᠭᠰᠠᠨ ᠪᠠᠢᠯ᠎ᠠ ᠃ ᠣᠳᠤ ᠱᠤᠤ ᠪᠠᠯᠭᠠᠰᠤ ᠶᠢᠨ ᠰᠣᠶᠤᠯ ᠤ᠋ᠨ ᠥᠷᠲᠡᠭᠡᠨ ᠦ᠌ ᠺᠠᠳ᠋ᠷ ᠢ᠋ᠶ᠋ᠠᠷ ᠠᠵᠢᠯᠯᠠᠵᠤ ᠪᠤᠢ ᠃ ᠭᠠᠷ ᠤᠷᠠᠨ ᠮᠣᠳᠤᠨ ᠲᠠᠷᠬᠠᠨ ᠂ ᠦᠯᠢᠭᠡᠷ ᠳᠣᠮᠤᠭ ᠰᠠᠢᠨ ᠮᠡᠳᠡᠳᠡᠭ ᠮᠥᠷᠲᠡᠭᠡᠨ ᠳᠥᠷᠪᠡᠨ ᠤᠲᠠᠰᠤᠲᠤ ᠬᠤᠭᠤᠷ ᠢᠶᠠᠨ ᠲᠠᠲᠠᠵᠤ ᠬᠠᠶᠠ ᠦᠯᠢᠭᠡᠷ ᠬᠣᠯᠪᠤᠭ᠎ᠠ ᠴᠦ᠍ ᠬᠡᠯᠡᠴᠢᠭᠡᠳᠡᠭ ᠬᠣᠶᠢᠲᠦ ᠡᠪᠦᠭᠡ ᠠᠪᠤ ᠰᠣᠳᠨᠠᠮ ︵ ᠥᠪᠡᠷ ᠦᠨ ᠲᠥᠷᠦᠭᠰᠡᠨ ᠡᠪᠦᠭᠡ ᠠᠪᠤ ᠬᠦᠷᠡᠡᠭᠭᠦ᠋ᠯᠦᠭᠡ ᠭᠡᠳᠡᠭ ᠪᠠᠢᠵᠤ ᠂ ᠠᠷᠤ ᠬᠣᠷᠴᠢᠨ ᠬᠣᠰᠢᠭᠤᠨ ᠤ᠋ ᠬᠣᠰᠢᠭᠤᠨ ᠴᠠᠭᠳᠠᠭ᠎ᠠ ᠪᠠᠷ ᠠᠵᠢᠯᠯᠠᠵᠤ ᠪᠠᠢᠭᠰᠠᠨ ᠪᠥᠭᠡᠳ ︽ ᠨᠤᠮᠤᠨ ᠬᠠᠨ ︾ ᠤ ᠲᠤᠯᠤᠯᠳᠤᠭᠠᠨ ᠳ᠋ᠤ᠌ ᠣᠷᠤᠯᠴᠠᠵᠤ ᠶᠠᠫᠤᠨ ᠤ ᠪᠦᠰᠡᠯᠡᠨ ᠬᠠᠭᠠᠯᠲᠠ ᠶᠢ ᠰᠢᠪᠲᠤᠯᠤᠨ ᠭᠠᠷᠬᠤ ᠳ᠋ᠠᠭᠠᠨ ᠰᠢᠷᠬᠠᠲᠤᠵᠤ ᠂ ᠨᠤᠲᠤᠭ ᠲᠠᠭᠠᠨ ᠢᠷᠡᠭᠰᠡᠨ ᠦ ᠳᠠᠷᠠᠭ᠎ᠠ ᠡᠪᠡᠳᠴᠢᠨ ᠢᠶᠡᠷ ᠨᠠᠰᠤ ᠪᠠᠷᠠᠵᠠᠢ ᠃ ︶ ᠪᠠ ︽ ᠭᠠᠵᠠᠷ ᠰᠢᠷᠤᠢ ᠶᠢᠨ ᠬᠤᠪᠢᠰᠭᠠᠯ ︾ ᠤᠨ ᠦᠶ᠎ᠡ ᠪᠡᠷ ︽ ᠡᠮᠡᠭᠲᠡᠢ ᠬᠣᠯᠪᠤᠭᠠᠲᠤ ᠬᠤᠷᠠᠯ ︾ ᠤᠨ ᠡᠷᠬᠢᠯᠡᠭᠴᠢ ᠂ ᠨᠠᠮ ᠤᠨ ᠭᠡᠰᠢᠭᠦᠨ ᠠᠷᠠᠳ ᠤᠨ ᠳᠠᠭᠤᠤ ᠪᠤᠶᠤ ᠤᠷᠲᠤ ᠶᠢᠨ ᠳᠠᠭᠤᠤ ᠶᠢ ᠰᠠᠢᠬᠠᠨ ᠳᠠᠭᠤᠯᠠᠳᠠᠭ ᠤᠨ ᠨᠢᠭᠡᠨ ᠪᠠᠢᠭᠰᠠᠨ ᠲᠥᠷᠦᠭᠰᠡᠨ ᠡᠮᠡᠭᠡ ᠬᠦᠦᠳᠡᠭᠦᠲᠦ ᠶ᠋ᠢᠨ ᠢ᠋ᠶ᠋ᠡᠨ ᠭᠠᠷ ᠳᠡᠭᠡᠷ᠎ᠡ ᠥᠰᠴᠦ ᠲᠣᠷᠨᠢᠭᠰᠠᠨ ᠤ ᠬᠠᠷᠠᠭ᠎ᠠ ᠪᠠᠷ ᠠᠷᠠᠳ ᠤᠨ ᠠᠮᠠᠨ ᠦᠯᠢᠭᠡᠷ ᠂ ᠠᠷᠠᠳ ᠤᠨ ᠳᠠᠭᠤᠤ ᠂ ᠣᠨᠢᠰᠤᠭ᠎ᠠ ᠂ ᠳᠠᠭᠠᠷᠢᠯᠴᠠᠭ᠎ᠠ ᠬᠣᠯᠪᠤᠭ᠎ᠠ ᠶ᠋ᠢ ᠤᠯᠠᠨ ᠰᠣᠨᠤᠰᠴᠤ ᠴᠡᠭᠡᠵᠢᠯᠡᠨ ᠣᠢᠷ᠎ᠠ ᠲᠥᠷᠦᠯ ᠂ ᠦᠶ᠎ᠡ ᠵᠡᠷᠭᠡ ᠳ᠋ᠡᠭᠡᠨ ᠶᠠᠷᠢᠵᠤ ᠰᠣᠨᠣᠰᠬᠠᠨ ᠲᠡᠳᠡᠨᠡᠷ ᠦᠨ ᠢᠶᠡᠨ ᠵᠣᠷᠢᠭᠵᠢᠭᠤᠯᠤᠯ ᠤᠷᠮᠠᠰᠢᠭᠤᠯᠤᠯ ᠢᠶᠠᠷ ᠤᠢ ᠪᠢᠯᠢᠭ ᠢ᠋ᠶ᠋ᠡᠨ ᠨᠡᠭᠡᠭᠡᠭᠳᠡᠭᠦᠯᠵᠦ ᠢᠷᠡᠵᠡᠢ ᠃ ᠶᠠᠭ ᠡᠢᠮᠦᠷᠬᠦ ᠨᠥᠯᠦᠭᠡᠨ ᠳᠣᠣᠷ᠎ᠠ ᠳᠠᠭᠤᠤ ᠰᠢᠯᠦᠭ ᠬᠣᠯᠪᠤᠭ᠎ᠠ ᠳ᠋ᠤ᠌ ᠳᠤᠷ᠎ᠠ ᠪᠠᠬ᠎ᠠ ᠲᠠᠢ ᠪᠣᠯᠵᠤ ᠂ ᠬᠠᠷᠠᠬᠠᠨ ᠪᠠᠭ᠎ᠠ ᠠᠴᠠ ᠪᠠᠨ ᠬᠤᠭᠤᠷ ᠲᠠᠲᠠᠬᠤ ᠶᠢ ᠰᠤᠷᠴᠤ ᠂ ᠳᠥᠬᠦᠮ ᠬᠣᠯᠪᠤᠭᠠᠨ ᠤ᠋ ᠠᠶ᠎ᠠ ᠲᠠᠲᠠᠨ ᠣᠬᠤᠷ ᠠᠪᠰᠠᠷ ᠬᠣᠯᠪᠤᠭ᠎ᠠ ᠳᠠᠭᠠᠷᠢᠯᠴᠠᠭ᠎ᠠ ᠬᠡᠯᠡᠵᠦ ᠪᠠᠢᠭᠰᠠᠨ ᠠ᠋ᠴᠠ ᠪᠠᠨ 1978 ᠣᠨ ᠠᠴᠠ ᠡᠬᠢᠯᠡᠨ ᠰᠣᠨᠢᠨ ᠮᠡᠳᠡᠭᠡ ᠂ ᠰᠢᠯᠦᠭ ᠨᠠᠢᠷᠠᠭᠤᠯᠤᠯ ᠂ ᠮᠡᠳᠡᠭᠡᠯᠡᠯ ᠂ ᠮᠡᠳᠡᠭᠡᠯᠡᠯ ᠦᠨ ᠤᠷᠠᠨ ᠵᠣᠬᠢᠶᠠᠯ ᠪᠢᠴᠢᠨ ᠣᠷᠤᠯᠳᠤᠵᠤ ᠂ ᠤᠤᠯ ᠤᠨ ︽ ᠵᠤᠤ ᠤᠳᠠ ᠶᠢᠨ ᠰᠣᠨᠢᠨ ︾ ᠳ᠋ᠤ ᠠᠩᠬᠠᠨ ᠤ᠋ ᠡᠬᠡ ᠪᠢᠴᠢᠭ ᠢᠶᠡᠨ ᠨᠡᠢᠲᠡᠯᠡᠭᠦᠯᠦᠭᠰᠡᠨ ᠡᠴᠡ ᠨᠠᠰᠢ ︽ ᠬᠤᠨ ᠭᠠᠯᠠᠭᠤ ︾ ᠂ ︽ ᠤᠯᠠᠭᠠᠨᠬᠠᠳᠠ ᠶᠢᠨ ᠡᠳᠦᠷ ᠦᠨ ᠰᠣᠨᠢᠨ ︾ ᠂ ︽ ᠥᠪᠦᠷ ᠮᠣᠩᠭᠤᠯ ᠤ᠋ᠨ ᠡᠳᠦᠷ ᠦᠨ ᠰᠣᠨᠢᠨ ︾ ᠂ ︽ ᠵᠠᠯᠠᠭᠤᠴᠤᠳ ︾ ᠰᠡᠳᠭᠦᠯ ᠂ ︽ ᠰᠢᠷᠠᠮᠥ᠋ᠷᠡᠨ ︾ ᠰᠡᠳᠭᠦᠯ ᠂ ︽ ᠥᠯᠵᠡᠢᠮᠦ᠋ᠷᠡᠨ ︾ ᠰᠡᠳᠭᠦᠯ ᠂ ︽ ᠥᠪᠦᠷ ᠮᠣᠩᠭᠤᠯ ᠤ᠋ᠨ ᠰᠤᠷᠭᠠᠨ ᠬᠥᠮᠦᠵᠢᠯ ︾ ᠰᠡᠳᠭᠦᠯ ᠂ ︽ ᠠᠷᠤ ᠬᠣᠷᠴᠢᠨ ᠰᠣᠨᠢᠨ ︾ ᠰᠡᠳᠭᠦᠯ ᠂ ︽ ᠬᠤᠨᠲᠤ ︾ ᠰᠡᠳᠭᠦᠯ ᠂ ︽ ᠠᠯᠲᠠᠨ ᠨᠠᠮᠤᠷ ︾ ᠭᠡᠬᠦ ᠵᠡᠷᠭᠡ ᠰᠣᠨᠢᠨ ᠰᠡᠳᠭᠦᠯ ᠳ᠋ᠦ᠍ ᠵᠠᠭᠤ ᠭᠠᠷᠤᠢ ᠬᠤᠪᠢ ᠡᠬᠡ ᠪᠢᠴᠢᠭ ᠨᠡᠢᠲᠡᠯᠡᠭᠦᠯᠵᠡᠢ ᠃ ᠬᠤᠶᠠᠷ ᠮᠢᠩᠭ᠎ᠠ ᠠᠷᠪᠠᠨ ᠨᠢᠭᠡᠨ ᠣᠨ ᠠᠴᠠ ︽ ᠬᠣᠯᠪᠤᠭ᠎ᠠ ︾ ᠰᠦᠯᠵᠢᠶ᠎ᠡ ᠳ᠋ᠦ᠍ ᠪᠦᠷᠭᠡ ᠨᠡᠭᠡᠭᠡᠵᠦ ᠂ ᠤᠷᠢᠳ ᠬᠣᠵᠢᠳ ᠰᠢᠯᠦᠭ ᠂ ᠬᠣᠯᠪᠤᠭ᠎ᠠ ᠂ ᠨᠠᠢᠷᠠᠭᠤᠯᠤᠯ ᠂ ᠥᠭᠦᠯᠡᠯ ᠂ ᠳᠠᠭᠤᠤ ᠶᠢᠨ ᠦᠭᠡ ᠂ ᠲᠡᠮᠳᠡᠭᠯᠡᠯ ᠵᠡᠷᠭᠡ ᠶᠢ 399 ᠬᠤᠪᠢ ᠨᠡᠢᠲᠡᠯᠡᠭᠰᠡᠨ ᠪᠠᠢᠨ᠎ᠠ ᠃ ᠣᠷᠴᠢᠮ ᠤᠨ ᠬᠡᠳᠦᠨ ᠵᠢᠯ ᠳ᠋ᠦ᠍ ᠤᠷᠠᠨ ᠪᠢᠴᠢᠯᠭᠡ ᠶᠢ ᠲᠠᠰᠤᠷᠠᠯ ᠦᠭᠡᠢ ᠪᠢᠴᠢᠵᠦ ᠂ ︽ ᠥᠪᠦᠷ ᠮᠣᠩᠭᠤᠯ ᠤ᠋ᠨ ᠨᠠᠰᠤᠲᠠᠢᠴᠤᠳ ᠤ᠋ᠨ ᠤᠷᠠᠨ ᠪᠢᠴᠢᠯᠭᠡ ᠶᠢᠨ ᠰᠡᠳᠭᠦᠯ ︾ ᠦᠨ ᠬᠤᠭᠤᠴᠠᠭ᠎ᠠ ᠪᠦᠷᠢ ᠳ᠋ᠦ᠍ ᠠᠯᠳᠠᠯ ᠦᠭᠡᠢ ᠨᠡᠢᠲᠡᠯᠡᠭᠦᠯᠵᠦ ᠢᠷᠡᠵᠡᠢ ᠃ ᠲᠡᠷᠡᠪᠡᠷ 2017 ᠣᠨ ᠳ᠋ᠤ᠌ ᠠᠩᠬᠠᠨ ᠤ᠋ ᠨᠣᠮ ︽ ᠰ ᠂ ᠮᠣᠯᠤᠷᠡᠷᠳᠡᠨᠢ ᠶ᠋ᠢᠨ ᠬᠣᠯᠪᠤᠭ᠎ᠠ ︾ ᠪᠡᠨ ᠬᠡᠪᠯᠡᠭᠦᠯᠦᠨ ᠲᠠᠷᠬᠠᠭᠠᠭᠰᠠᠨ ᠪᠠᠢᠨ᠎ᠠ ᠃
Copyight 2016 by nmgmzw.gov.cn All Rights Reserved