ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠤᠷᠵᠢᠰᠠᠡᠭᠪᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠣᠷᠵᠢᠰᠠᠩᠪᠤᠤ ᠂ ᠮᠣᠩᠭᠤᠯ ᠦᠨᠳᠦᠰᠦᠲᠡᠨ ᠂ 1946 ᠣᠨ ‍ᠣ 10 ᠰᠠᠷ᠎ᠠ ‍ᠳ᠋ᠥ ᠪᠠᠭᠠᠷᠢᠨ ᠪᠠᠷᠠᠭᠤᠨ ᠬᠣᠰᠢᠭᠤᠨ ‍ᠣ ᠴᠠᠭᠠᠠᠮᠦ᠋ᠷᠡᠨ ᠰᠤᠮᠤᠨ ‍ᠣ ᠲᠠᠪᠤᠨᠬᠤᠸᠠ ‍ᠳ᠋ᠥ ᠲᠥᠷᠦᠵᠡᠢ ᠃ ᠳᠤᠮᠳᠠᠳᠤ ᠵᠡᠷᠭᠡ  ᠶᠢᠨ ᠲᠤᠰᠭᠠᠢ ᠮᠡᠷᠭᠡᠵᠢᠯ ᠦ᠋ᠨ ᠰᠤᠷᠭᠠᠭᠤᠯᠢ ᠲᠡᠭᠦᠰᠦᠭᠰᠡᠨ ᠰᠣᠶᠤᠯ ᠲᠠᠢ ᠂ 1975 ᠣᠨ ‍ᠳ᠋ᠥ ᠠᠵᠢᠯ ‍ᠳ᠋ᠥ ᠣᠷᠤᠯᠴᠠᠪᠠ ᠃ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠤᠯᠠᠨ ᠤᠯᠤᠰ ᠤᠨ ᠮᠣᠩᠭᠤᠯ ᠰᠤᠳᠤᠯᠤᠯ ᠤᠨ ᠬᠣᠯᠪᠤᠭᠠᠨ ‍ᠣ ᠭᠡᠰᠢᠭᠦᠨ ᠂ ᠣᠷᠤᠨ ᠨᠤᠲᠤᠭ ᠤ᠋ᠨ ᠲᠡᠦᠬᠡ ᠰᠤᠳᠤᠯᠤᠭᠴᠢ ᠃ 1975 ᠣᠨ ᠠ᠋ᠴᠠ ᠪᠠᠭᠠᠷᠢᠨ ᠪᠠᠷᠠᠭᠤᠨ ᠬᠣᠰᠢᠭᠤᠨ ‍ᠣ ᠴᠠᠭᠠᠠᠮᠦ᠋ᠷᠡᠨ ᠨᠢᠭᠡᠳᠦᠯ ᠦ᠋ᠨ ᠨᠠᠮ ᠤᠨ ᠬᠣᠷᠢᠶ᠎ᠠ ‍ᠳ᠋ᠥ ᠤᠬᠠᠭᠤᠯᠬᠤ ᠭᠡᠰᠢᠭᠦᠨ ᠂ 1977 ᠣᠨ ᠠ᠋ᠴᠠ ᠪᠠᠭᠠᠷᠢᠨ ᠪᠠᠷᠠᠭᠤᠨ ᠬᠣᠰᠢᠭᠤᠨ ‍ᠣ ᠨᠠᠮ ᠤᠨ ᠬᠣᠷᠢᠶ᠎ᠠ ᠶ᠋ᠢᠨ ᠵᠣᠬᠢᠶᠠᠨ ᠪᠠᠢᠭᠤᠯᠬᠤ ᠬᠡᠯᠲᠡᠰ ᠲᠦ᠍ ᠨᠠᠷᠢᠨ ᠪᠢᠴᠢᠭᠡᠴᠢ ᠂ 1984 ᠣᠨ ᠠ᠋ᠴᠠ ᠬᠣᠰᠢᠭᠤᠨ ᠨᠠᠮ ᠤᠨ ᠬᠣᠷᠢᠶ᠎ᠠ ᠶ᠋ᠢᠨ ᠨᠢᠭᠤᠴᠠ ᠠᠵᠢᠯ ᠤᠨ ᠰᠠᠯᠠᠭᠠᠨ ‍ᠳ᠋ᠥ ᠰᠠᠯᠠᠭᠠᠨ ᠳᠠᠷᠤᠭ᠎ᠠ ᠪᠠᠷ ᠠᠵᠢᠯᠯᠠᠪᠠ ᠃ 1993 ᠣᠨ ‍ᠳ᠋ᠥ ᠬᠣᠰᠢᠭᠤᠨ ‍ᠣ ᠲᠡᠦᠬᠡ ᠴᠠᠳᠢᠭ ᠨᠠᠢᠷᠠᠭᠤᠯᠬᠤ ᠠᠯᠪᠠᠨ ᠭᠡᠷ ᠲᠦ᠍ ᠡᠷᠬᠢᠯᠡᠭᠴᠢ ᠂ 1994 ᠣᠨ ᠠ᠋ᠴᠠ ᠬᠣᠰᠢᠭᠤᠨ ᠨᠠᠮ ᠤᠨ ᠬᠣᠷᠢᠶ᠎ᠠ ᠶ᠋ᠢᠨ ᠠᠯᠪᠠᠨ ᠭᠡᠷ ᠲᠦ᠍ ᠳᠡᠳ᠋ ᠡᠷᠬᠢᠯᠡᠭᠴᠢ ᠂ ᠨᠢᠭᠤᠴᠠ ᠠᠵᠢᠯ ᠤᠨ ᠰᠠᠯᠠᠭᠠᠨ ᠳᠠᠷᠤᠭ᠎ᠠ ᠶ᠋ᠢ ᠬᠠᠪᠰᠤᠷᠭᠠᠨ ᠠᠵᠢᠯᠯᠠᠪᠠ ᠃ 1999 ᠣᠨ ‍ᠳ᠋ᠥ ᠬᠣᠰᠢᠭᠤᠨ ‍ᠣ ᠨᠡᠢᠭᠡᠮ ᠦ᠋ᠨ ᠳᠠᠭᠠᠳᠭᠠᠯ ᠤ᠋ᠨ ᠲᠣᠪᠴᠢᠶᠠᠨ ‍ᠳ᠋ᠥ ᠨᠠᠮ ᠤᠨ ᠡᠭᠦᠷ ᠦ᠋ᠨ ᠱᠦᠵᠢ ᠪᠡᠷ ᠨᠢᠭᠡ ᠵᠢᠯ ᠠᠵᠢᠯᠯᠠᠵᠤ ᠂ 2000 ᠣᠨ ‍ᠳ᠋ᠥ ᠲᠠᠬᠢᠨ ᠬᠣᠰᠢᠭᠤᠨ ᠨᠠᠮ ᠤᠨ ᠬᠣᠷᠢᠶᠠᠨ ‍ᠣ ᠠᠯᠪᠠᠨ ᠭᠡᠷ ᠲᠦ᠍ ᠠᠵᠢᠯ ᠰᠢᠯᠵᠢᠵᠦ ᠂ 2006 ᠣᠨ ‍ᠳ᠋ᠥ ᠠᠵᠢᠯ ᠤᠨ ᠠᠮᠠᠷᠠᠯᠲᠠ ᠪᠡᠨ ᠠᠪᠤᠪᠠ ᠃ 1979 ᠣᠨ ᠠ᠋ᠴᠠ ᠬᠣᠰᠢᠭᠤᠨ ‍ᠣ ᠬᠠᠷᠢᠶ᠎ᠠ ᠪᠠᠢᠭᠤᠯᠭ᠎ᠠ ᠶ᠋ᠢᠨ ᠨᠠᠮ ᠤᠨ ᠬᠣᠷᠢᠶ᠎ᠠ ᠂ ᠬᠣᠰᠢᠭᠤᠨ ‍ᠣ ᠨᠠᠮ ᠤᠨ ᠬᠣᠷᠢᠶ᠎ᠠ ᠵᠠᠰᠠᠭ ᠤᠨ ᠣᠷᠳᠤᠨ ᠠ᠋ᠴᠠ ᠰᠢᠯᠢᠳᠡᠭ ᠨᠠᠮ ᠤᠨ ᠭᠡᠰᠢᠭᠦᠨ ᠂ ᠲᠡᠷᠢᠭᠦᠨ ‍ᠣ ᠬᠤᠪᠢ ᠬᠥᠮᠦᠨ ᠢ᠋ᠶ᠋ᠡᠷ ᠤᠯᠠᠨ ᠤᠳᠠᠭ᠎ᠠ ᠱᠠᠩᠨᠠᠯ ᠬᠦᠷᠲᠡᠵᠦ ᠂ 1984 ᠣᠨ ‍ᠳ᠋ᠥ ᠥᠪᠦᠷ ᠮᠣᠩᠭᠤᠯ ᠤ᠋ᠨ ᠷᠠᠳᠢᠣ᠋ ᠲᠧᠯᠸᠢᠰ ᠬᠣᠷᠢᠶᠠᠨ ᠠ᠋ᠴᠠ ᠰᠢᠯᠢᠳᠡᠭ ᠴᠢᠮᠡᠭᠡᠯᠡᠭᠴᠢ ᠂ 1998 ᠣᠨ ‍ᠳ᠋ᠥ ᠤᠯᠠᠭᠠᠨᠬᠠᠳᠠ ᠬᠤᠳᠠ  ᠶᠢᠨ ᠨᠢᠭᠤᠴᠠ  ᠶᠢ ᠬᠠᠮᠠᠭᠠᠯᠠᠬᠤ ᠠᠵᠢᠯ ᠤᠨ ᠲᠡᠷᠢᠭᠦᠨ ‍ᠣ ᠬᠤᠪᠢ ᠬᠥᠮᠦᠨ ᠢ᠋ᠶ᠋ᠡᠷ ᠱᠠᠩᠨᠠᠭᠳᠠᠪᠠ ᠃ 1976 ᠣᠨ ᠠ᠋ᠴᠠ ᠡᠬᠢᠯᠡᠵᠦ ᠬᠣᠰᠢᠭᠤ ᠂ ᠬᠤᠳᠠ ᠪᠠ ᠣᠷᠤᠨ ‍ᠣ ᠰᠣᠨᠢᠨ ᠰᠡᠳᠭᠦᠯ ᠂ ᠷᠠᠳᠢᠣ᠋ ᠲᠧᠯᠸᠢᠰ ᠬᠣᠷᠢᠶᠠᠨ ‍ᠳ᠋ᠥ ᠰᠣᠨᠢᠨ ᠮᠡᠳᠡᠭᠡ ᠂ ᠰᠢᠭᠦᠮᠵᠢ ᠥᠭᠦᠯᠡᠯ ᠂ ᠰᠤᠯᠠ ᠨᠠᠢᠷᠠᠭᠤᠯᠤᠯ ᠤᠯᠠᠨ ᠨᠡᠢᠲᠡᠯᠡᠭᠦᠯᠪᠡ ᠃ ᠨᠣᠮ ᠪᠦᠲᠦᠭᠡᠯ ᠭᠣᠣᠯᠳᠠᠭᠤ ᠄ ︽ ᠪᠠᠭᠠᠷᠢᠨ ᠪᠠᠷᠠᠭᠤᠨ ᠬᠣᠰᠢᠭᠤᠨ ‍ᠣ ᠭᠠᠵᠠᠷ ᠰᠢᠷᠤᠢ  ᠶᠢᠨ ᠥᠭᠡᠷᠡᠴᠢᠯᠡᠯᠲᠡ ᠶ᠋ᠢᠨ ᠬᠥᠳᠡᠯᠭᠡᠭᠡᠨ ︾ ︵ ᠭᠣᠣᠯᠯᠠᠨ ᠨᠠᠢᠷᠠᠭᠤᠯᠤᠭᠰᠠᠨ ︶ ᠂ ︽ ᠠᠷᠪᠠᠨ ᠬᠤᠶᠠᠷ ᠵᠢᠯ ᠦ᠋ᠨ ᠠᠮᠢᠳᠠᠨ ‍ᠣ ᠦᠯᠢᠭᠡᠷ ︾ ᠂ ︽ ᠪᠠᠷᠠᠭᠤᠨ ᠪᠠᠭᠠᠷᠢᠨ ‍ᠣ ᠰᠦᠮ᠎ᠡ ᠬᠡᠢᠳ ︾ ᠂ ︽ ᠪᠠᠷᠠᠭᠤᠨ ᠪᠠᠭᠠᠷᠢᠨ ‍ᠣ ᠰᠣᠶᠤᠯ ᠲᠡᠦᠬᠡ ᠶ᠋ᠢᠨ ᠱᠦᠭᠦᠮᠡᠭ ︾ ᠂ ︽ ᠪᠠᠭᠠᠷᠢᠨ ‍ᠣ ᠪᠤᠭᠤᠷᠤᠯ ᠲᠡᠦᠬᠡ ᠶ᠋ᠢᠨ ᠱᠦᠭᠦᠮᠡᠭ ︾ ᠂ ︽ ᠪᠠᠭᠠᠷᠢᠨ ᠲᠡᠦᠬᠡ ᠶ᠋ᠢᠨ ᠡᠷᠢᠬᠡᠨ ᠮᠥᠬᠦᠯᠢᠭ ︾ ᠂ ︽ ᠣᠳᠤᠨ ᠣᠷᠤᠨ ᠪᠠ ᠠᠷᠪᠠᠨ ᠬᠤᠶᠠᠷ ᠡᠷᠬᠡᠲᠡᠨ ‍ᠣ ᠲᠤᠬᠠᠢ ᠰᠣᠨᠢᠷᠬᠠᠯᠲᠤ ᠵᠣᠭᠤᠭ ︾ ᠂ ︽ ᠨᠢᠴᠦᠭᠦᠨ ᠪᠠᠭᠠᠷᠢᠨ ᠬᠢᠭᠡᠳ ᠪᠠᠭᠠᠷᠢᠨ ᠨᠢᠴᠦᠭᠦᠳ ︾ ︵ ᠪᠤᠰᠤᠳ ᠲᠠᠢ ᠬᠠᠮᠲᠤᠷᠠᠵᠤ ᠭᠣᠣᠯᠯᠠᠨ ᠨᠠᠢᠷᠠᠭᠤᠯᠤᠭᠰᠠᠨ ︶ ᠂ ︽ ᠴᠠᠭᠠᠠᠮᠦ᠋ᠷᠡᠨ ‍ᠣ ᠰᠣᠶᠤᠯ ᠲᠡᠦᠬᠡ ︾ ︵ ᠭᠣᠣᠯᠯᠠᠨ ᠨᠠᠢᠷᠠᠭᠤᠯᠤᠭᠰᠠᠨ ︶ ᠵᠡᠷᠭᠡ ᠨᠣᠮ ᠤ᠋ᠳ ᠬᠡᠪᠯᠡᠭᠦᠯᠦᠨ ᠲᠠᠷᠬᠠᠭᠠᠪᠠ ᠃ ᠡᠭᠦᠨ ‍ᠳ᠋ᠥ ︽ ᠣᠳᠤᠨ ᠣᠷᠤᠨ ᠬᠢᠭᠡᠳ ᠠᠷᠪᠠᠨ ᠬᠤᠶᠠᠷ ᠡᠷᠬᠡᠲᠡᠨ ‍ᠣ ᠲᠤᠬᠠᠢ ᠰᠣᠨᠢᠷᠬᠠᠯᠲᠤ ᠵᠣᠭᠤᠭ ︾ ᠨᠣᠮ ᠨᠢ ᠨᠠᠢ᠍ᠮᠠᠨ ᠮᠤᠵᠢ ᠣᠷᠤᠨ ‍ᠣ ᠮᠣᠩᠭᠤᠯ ᠰᠢᠨᠵᠢᠯᠡᠬᠦ ᠤᠬᠠᠭᠠᠨ ᠲᠦᠭᠡᠮᠡᠯᠵᠢᠭᠦᠯᠬᠦ ᠰᠢᠯᠢᠳᠡᠭ ᠨᠣᠮ ᠤ᠋ᠨ ᠱᠠᠩᠨᠠᠯ ᠬᠦᠷᠲᠡᠵᠡᠢ ᠃