ᠨᠡᠷ᠎ᠡ:
ᠮᠥᠩᠬᠡᠵᠤᠯᠠ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠨᠡᠷ᠎ᠡ ᠄ ᠮᠥᠩᠬᠡᠵᠤᠯᠠ ᠂ ᠡᠮᠡᠭᠲᠡᠢ ᠂ 1983 ᠣᠨ ᠤ᠋ 4 ᠰᠠᠷ᠎ᠠ ᠶᠢᠨ 28 ᠳ᠋ᠥ ᠪᠠᠶᠠᠨᠨᠠᠭᠤᠷ ᠬᠤᠳᠠ ᠵᠢᠨ ᠤᠷᠠᠳ ᠤᠨ ᠳᠤᠮᠳᠠᠳᠤ ᠬᠣᠰᠢᠭᠤᠨ ᠤ᠋ ᠰᠢᠨᠡᠬᠦ᠋ᠷᠢᠶ᠎ᠡ ᠰᠤᠮᠤᠨ ᠤ ᠨᠡᠷᠡᠲᠦ ᠭᠠᠴᠠᠭᠠᠨ ᠤ ᠠᠳᠤᠭᠤᠴᠢᠨ ᠲᠦᠴᠢᠠᠨᠢᠭᠡ ᠪᠣᠯᠤᠨ ᠠᠯᠲᠠᠨᠴᠢᠮᠡᠭ ᠦ᠋ᠨ ᠶᠡᠬᠡ ᠬᠡᠦᠬᠡᠨ ᠨᠢ ᠪᠣᠯᠵᠤ ᠵᠠᠶᠠᠭᠠᠵᠠᠢ ᠃ ᠪᠢ ᠺᠣᠮᠫᠢᠦ᠋ᠲ᠋ᠧᠷ ᠦ᠋ᠨ ᠰᠤᠷᠭᠠᠭᠤᠯᠢ ᠳ᠋ᠥ ᠰᠤᠷᠤᠯᠴᠠᠯᠭ᠎ᠠ ᠲᠡᠭᠦᠰᠦᠭᠡᠳ ᠣᠳᠣ ᠬᠣᠰᠢᠭᠤᠨ ᠲᠥᠪ ᠬᠠᠯᠢᠭᠤᠲᠤ ᠳ᠋ᠥ ᠵᠤᠯᠠ ᠰᠣᠶᠤᠯ ᠬᠡᠪᠯᠡᠯ ᠠᠯᠪᠠᠨ ᠬᠡᠷᠡᠭᠰᠡᠯ ᠦ᠋ᠨ ᠳᠡᠯᠭᠡᠭᠦᠷ ᠡᠷᠬᠢᠯᠡᠨ ᠂ ᠠᠵᠢᠯ ᠤᠨ ᠴᠢᠯᠦᠭᠡ ᠪᠡᠷ ᠢ᠋ᠶ᠋ᠡᠨ ᠮᠣᠩᠭᠤᠯ ᠦᠰᠦᠭ ᠪᠢᠴᠢᠭ ᠢ᠋ᠶ᠋ᠡᠨ ᠳᠡᠭᠡᠳᠦᠯᠡᠨ ᠤᠷ᠎ᠠ ᠰᠣᠨᠢᠷᠬᠠᠯ ᠠ᠋ᠴᠠ ᠪᠠᠨ ᠰᠢᠯᠦᠭ ᠂ ᠣᠬᠤᠷ ᠵᠣᠬᠢᠶᠠᠯ ᠪᠢᠴᠢᠵᠦ ᠂ ᠳᠠᠭᠠᠤ ᠳ᠋ᠤᠨᠢ ᠺᠣᠮᠫᠢᠦ᠋ᠲ᠋ᠧᠷ ᠪᠠᠷᠯᠠᠯᠲᠠ ᠬᠢᠨ ᠂ ᠮᠣᠩᠭᠤᠯᠴᠤᠳ ᠲᠦ᠍ ᠪᠠᠨ ᠰᠣᠨᠢᠨ ᠰᠡᠳᠭᠦᠯ ᠵᠠᠬᠢᠶᠠᠯᠠᠬᠤ ᠵᠡᠷᠭᠡ ᠦᠢᠯᠡᠴᠢᠯᠡᠭᠡ ᠬᠠᠩᠭᠠᠵᠤ ᠪᠠᠢᠨ᠎ᠠ ᠃ ᠭᠣᠣᠯ ᠪᠦᠲᠦᠭᠡᠯ ᠄ ᠤᠤᠭᠠᠨ ᠪᠦᠲᠦᠭᠡᠯ ︽ ᠭᠡᠷᠭᠡᠢ ᠵᠠᠶᠠᠭ᠎ᠠ ︾ ᠂ ︽ ᠡᠭᠡ ᠭᠡᠯᠡ ︾ ᠲᠤᠷᠤᠭ ᠰᠠᠷᠠᠨ᠎ᠠ ᠰᠡᠳᠭᠦᠯ ᠪᠣᠯᠤᠨ ᠬᠤᠨ ᠭᠠᠯᠠᠭᠤ ᠰᠡᠳᠭᠦᠯ ᠳ᠋ᠥ ᠨᠡᠢᠲᠡᠯᠡᠭᠳᠡᠵᠦ ᠥᠩᠭᠡᠷᠡᠵᠡᠢ ᠃ ︽ ᠢᠷᠠᠭᠤ ᠨᠠᠢᠷᠠᠭ ᠤ᠋ᠨ ᠡᠭᠡ ᠣᠷᠤᠨ ︾ ᠭᠡᠬᠦ ᠰᠢᠯᠦᠭ ᠮᠢᠨᠢ 2017.12 ᠰᠠᠷ᠎ᠠ ᠳ᠋ᠥ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ 70 ᠵᠢᠯ ᠦ᠋ᠨ ᠤᠢ ᠳ᠋ᠥ ᠵᠣᠷᠢᠭᠤᠯᠤᠭᠰᠠᠨ ︽ ᠦᠵᠡᠰᠭᠦᠯᠡᠩᠲᠦ ᠰᠠᠢᠬᠠᠨ ᠨᠤᠲᠤᠭ ︾ ᠡᠯᠰᠡᠭᠰᠡᠨ ᠵᠣᠬᠢᠶᠠᠯ ᠤ᠋ᠨ ᠤᠷᠤᠯᠳᠤᠭᠠᠨ ᠳ᠋ᠥ ᠭᠤᠷᠪᠠᠳᠤᠭᠠᠷ ᠲᠡᠰ ᠦ᠋ᠨ ᠱᠠᠩᠨᠠᠯ ᠢ ᠬᠦᠷᠲᠡᠭᠰᠡᠨ ᠃ 2018.5.30 ᠳ᠋ᠥ ︽ ᠮᠢᠨᠤ ᠠᠪᠤ ᠠᠳᠤᠭᠤᠴᠢᠨ ︾ ᠭᠡᠬᠦ ᠤᠷᠠᠨ ᠪᠦᠲᠦᠭᠡᠯ ᠪᠦᠬᠦ ᠬᠤᠳᠠ ᠶᠢᠨ ᠭᠤᠷᠪᠠᠳᠤᠭᠠᠷ ᠬᠤᠭᠤᠴᠠᠭᠠᠨ ᠤ ︽ ᠤᠷᠠᠳ ᠬᠤᠨᠳᠠᠭᠠᠲᠤ ︾ ᠤᠷᠠᠨ ᠵᠣᠬᠢᠶᠠᠯ ᠤ᠋ᠨ ᠤᠷᠤᠯᠳᠤᠭᠠᠨ ᠤ ᠲᠡᠷᠢᠭᠦᠨ ᠱᠠᠩᠨᠠᠯ ᠢ ᠬᠦᠷᠲᠡᠭᠰᠡᠨ ᠃ ︽ ᠡᠵᠢ ᠮᠢᠨᠢ ︾ ᠂ ︽ ᠦᠷ᠎ᠡ ᠮᠢᠨᠢ ᠨᠠᠷᠠ ᠮᠢᠨᠢ ︾ ᠂ ︽ ᠬᠠᠨᠢ ᠮᠢᠨᠢ ︾ ᠰᠢᠯᠦᠭ ᠪᠠᠶᠠᠨᠨᠠᠭᠤᠷ ᠤ᠋ᠨ ᠡᠳᠦᠷ ᠦ᠋ᠨ ᠰᠣᠨᠢᠨ ᠳ᠋ᠥ ᠨᠡᠢᠲᠡᠯᠡᠭᠳᠡᠵᠦ ᠥᠩᠭᠡᠷᠡᠵᠡᠢ ᠃ ︽ ᠮᠢᠨᠤ ᠠᠪᠤ ᠠᠳᠤᠭᠤᠴᠢᠨ ᠬᠥᠮᠦᠨ ︾ ᠤᠷᠠᠳ ᠤᠳᠭ᠎ᠠ ᠤᠷᠠᠯᠢᠭ ᠰᠡᠳᠭᠦᠯ ᠳ᠋ᠥ ᠨᠡᠢᠲᠡᠯᠡᠭᠳᠡᠵᠡᠢ ᠃ ᠨᠡᠢᠲᠡᠯᠡᠭᠳᠡᠭᠡ ᠦᠭᠡᠢ ᠪᠦᠲᠦᠭᠡᠯ ᠄ ︽ ᠠᠪᠤ ᠶᠢᠨ ᠬᠠᠯᠵᠠᠨ ᠬᠦᠷᠡᠩ ︾ ᠭᠡᠬᠦ ᠨᠠᠢᠷᠠᠭᠤᠯᠤᠯ ᠪᠤᠢ ᠃ ᠮᠥᠩᠬᠡᠵᠤᠯᠠ ᠄ 13948781430
Copyight 2016 by nmgmzw.gov.cn All Rights Reserved