ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳᠡᠯᠡᠩᠭᠦᠳ ᠴᠠᠭᠠᠨᠮᠦ᠋ᠷ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠡᠯᠡᠩᠭᠦᠳ ᠴᠠᠭᠠᠨᠮᠦ᠋ᠷ ᠂ ᠤᠭ ᠨᠡᠷ᠎ᠡ ᠲᠠᠢᠫᠢᠩ ᠂ ᠠᠷᠭ᠎ᠠ ᠵᠢᠨ ᠲᠣᠭᠠᠯᠠᠨ ‍ᠣ 1983 ᠣᠨ ‍ᠣ 1 ᠰᠠᠷ᠎ᠠ ᠵᠢᠨ 10 ‍ᠣ ᠡᠳᠦᠷ ᠥᠪᠦᠷ ᠮᠣᠩᠭᠤᠯ ‍ᠣᠨ ᠨᠠᠢ᠍ᠮᠠᠨ ᠬᠣᠰᠢᠭᠤᠨ ‍ᠳ᠋ᠥ ᠲᠥᠷᠦᠵᠡᠢ ᠃ 2005 ᠣᠨ ‍ᠣ 1 ᠰᠠᠷ᠎ᠠ ‍ᠳ᠋ᠥ ᠥᠪᠦᠷ ᠮᠣᠩᠭᠤᠯ ‍ᠣᠨ ᠦᠨᠳᠦᠰᠦᠲᠡᠨ ‍ᠣ ᠶᠡᠬᠡ ᠰᠤᠷᠭᠠᠭᠤᠯᠢ ᠠ᠋ᠴᠠ ᠰᠤᠷᠤᠯᠭ᠎ᠠ ᠲᠡᠭᠦᠰᠭᠡᠵᠦ ᠂ ᠲᠦᠩᠯᠢᠶᠣᠣ ᠬᠣᠲᠠ ᠵᠢᠨ ᠮᠣᠩᠭᠤᠯ ᠡᠮᠨᠡᠯᠭᠡ ᠰᠤᠳᠤᠯᠬᠤ ᠭᠠᠵᠠᠷ ᠠ᠋ᠴᠠ ᠡᠮ ᠨᠠᠢᠷᠠᠭᠴᠢ ᠵᠢᠨ ᠠᠵᠢᠯ ‍ᠣᠨ ᠢᠯᠡᠭᠡᠯᠲᠡ ᠠᠪᠴᠠᠢ ᠃ ᠳᠤᠮᠳᠠᠳᠤ ᠤᠯᠤᠰ ‍ᠣᠨ ᠡᠪ ᠬᠠᠮᠲᠤ ᠨᠠᠮ ‍ᠣᠨ ᠭᠡᠰᠢᠭᠦᠨ ᠃ ᠥᠪᠦᠷ ᠮᠣᠩᠭᠤᠯ ‍ᠣᠨ ᠵᠣᠬᠢᠶᠠᠯᠴᠢᠳ ‍ᠣᠨ ᠡᠪᠯᠡᠯ ‍ᠣᠨ ᠭᠡᠰᠢᠭᠦᠨ ᠃ 1999 ᠣᠨ ᠠ᠋ᠴᠠ ᠨᠠᠭᠠᠰᠢ ︽ ᠥᠨᠢᠷ ᠴᠡᠴᠡᠭ ︾ ᠂ ︽ ᠬᠤᠨ ᠭᠠᠯᠠᠭᠤ ︾ ᠃ ︽ ᠥᠪᠦᠷ ᠮᠣᠩᠭᠤᠯ ‍ᠣᠨ ᠵᠠᠯᠠᠭᠤᠴᠤᠳ ︾ ᠂ ︽ ᠵᠢᠷᠢᠮ ‍ᠣᠨ ᠤᠷᠠᠨ ᠵᠣᠬᠢᠶᠠᠯ ︾ ᠂ ︽ ᠠᠯᠳᠠᠨ ᠭᠠᠨᠳᠠᠷᠢ ︾ ᠂ ︽ ᠲᠤᠷᠤᠭ ᠰᠠᠷᠠᠨ᠎ᠠ ︾ ᠂ ︽ ᠥᠪᠦᠷ ᠮᠣᠩᠭᠤᠯ ‍ᠣᠨ ᠡᠳᠦᠷ ‍ᠣᠨ ᠰᠣᠨᠢᠨ ︾ ᠂ ︽ ᠲᠦᠩᠯᠢᠶᠣᠣ ᠵᠢᠨ ᠡᠳᠦᠷ ‍ᠣᠨ ᠰᠣᠨᠢᠨ ︾ ᠵᠡᠷᠭᠡ ᠰᠣᠨᠢᠨ ᠰᠡᠳᠭᠦᠯ ᠳᠡᠭᠡᠷ᠎ᠡ ︽ ᠡᠷᠦᠬᠡᠨ ᠣᠭᠤᠰᠤᠷ ︾ ᠂ ︽ ᠢᠨᠵᠠᠨᠨᠠᠰᠢ ︾ ᠂ ︽ ᠮᠥᠩᠭᠦ ︾ ᠂ ︽ ᠮᠡᠷᠭᠡᠨ ᠲᠥᠯᠭᠡᠴᠢ ︾ ᠂ ︽ ᠤᠷᠲᠤ ᠬᠡᠯᠡᠲᠦ ︾ ᠵᠡᠷᠭᠡ 200 ᠭᠠᠷᠤᠢ ᠰᠢᠯᠦᠭ ᠨᠠᠢᠷᠠᠭᠤᠯᠤᠯ ᠂ ᠲᠤᠭᠤᠵᠢᠰ ᠮᠡᠳᠡᠭᠡᠯᠡᠯ ‍ᠣᠨ ᠤᠷᠠᠨ ᠵᠣᠬᠢᠶᠠᠯ ᠵᠢᠡᠨ ᠨᠡᠢᠲᠡᠯᠡᠭᠦᠯᠵᠦ ᠪᠠᠢᠨ᠎ᠠ ᠃ ︽ ᠢᠨᠠᠭ ᠳᠤᠷᠠᠯᠠᠯ ︾ ᠬᠡᠮᠡᠬᠦ ᠰᠢᠯᠦᠭ ᠵᠢᠡᠨ ︽ ᠮᠥᠩᠬᠡ ᠭᠠᠯ ︾ ᠤᠷᠠᠨ ᠵᠣᠬᠢᠶᠠᠯ ‍ᠣᠨ ᠴᠤᠪᠤᠷᠠᠯ ᠪᠢᠴᠢᠭ ‍ᠣᠨ ᠨᠢᠭᠡ ᠪᠣᠯᠬᠤ ︽ ᠮᠥᠩᠬᠡ ᠭᠠᠯ ‍ᠣᠨ ᠣᠴᠢ ︾ ᠲᠡᠭᠦᠪᠦᠷᠢ ‍ᠳ᠋ᠥ ᠰᠢᠯᠢᠬᠦᠯᠪᠡ ᠃ ᠵᠡᠬᠦᠠᠭᠠᠷ ᠪᠠᠲᠤᠴᠠᠭᠠᠨ ᠂ ᠡᠷᠡᠭᠲᠡᠢ ᠂ 1966.12 ᠰᠠᠷ᠎ᠠ ‍ᠳ᠋ᠥ ᠠᠯᠠᠱᠠ ᠪᠠᠷᠠᠭᠤᠨ ᠬᠣᠰᠢᠭᠤᠨ ᠤ᠋ ᠮᠥᠩᠭᠦᠨᠪᠤᠯᠠᠭ ᠰᠤᠮᠤᠨ ᠤ ᠬᠥᠳᠡᠭᠡ ᠬᠤᠳᠳᠤᠭ ᠭᠠᠴᠠᠭᠠᠨ ‍ᠳ᠋ᠥ ᠠᠪᠤ ᠭᠦᠷᠵᠠᠪ ᠂ ᠡᠵᠢ ᠨᠠᠷᠠᠨᠬᠦᠦ  ᠶᠢᠨ ᠣᠳᠭᠤᠨ ᠬᠦᠦ ᠪᠣᠯᠤᠨ ᠵᠠᠶᠠᠭᠠᠵᠠᠢ ᠃ 1988 ᠣᠨ ‍ᠳ᠋ᠥ ᠥᠪᠦᠷ ᠮᠣᠩᠭᠤᠯ ᠤ᠋ᠨ ᠮᠣᠩᠭᠤᠯ ᠭᠡᠯᠡ ᠪᠢᠴᠢᠭ ᠦ᠋ᠨ ᠲᠤᠰᠭᠠᠢ ᠮᠡᠷᠭᠡᠵᠢᠯ ᠦ᠋ᠨ ᠰᠤᠷᠭᠠᠭᠤᠯᠢ  ᠠᠴᠠ ᠣᠷᠴᠢᠭᠤᠯᠭ᠎ᠠ ᠨᠠᠢᠷᠠᠭᠤᠯᠭ᠎ᠠ ᠶ᠋ᠢᠨ ᠮᠡᠷᠭᠡᠵᠢᠯ ᠢ᠋ᠶ᠋ᠡᠷ ᠲᠡᠭᠦᠰᠴᠡᠢ ᠃ ᠣᠳᠣ ᠠᠯᠠᠱᠠ ᠠᠢᠮᠠᠭ ᠤ᠋ᠨ ᠷᠠᠳᠢᠣ᠋ ᠲᠧᠯᠸᠢᠰ ᠬᠣᠷᠢᠶᠠᠨ ‍ᠳ᠋ᠥ ᠰᠤᠷᠪᠤᠯᠵᠢᠯᠠᠭᠴᠢ ᠂ ᠨᠠᠢᠷᠠᠭᠤᠯᠤᠭᠴᠢ ᠂ ᠬᠥᠲᠦᠯᠦᠭᠴᠢ ᠪᠡᠷ ᠠᠵᠢᠯᠯᠠᠵᠤ ᠪᠠᠢᠨ᠎ᠠ ᠃ ᠳᠡᠭᠡᠳᠦ ᠲᠡᠰ ᠦ᠋ᠨ ᠨᠠᠢᠷᠠᠭᠤᠯᠤᠭᠴᠢ ᠶ᠋ᠢᠨ ᠮᠡᠷᠭᠡᠵᠢᠯ ᠦ᠋ᠨ ᠴᠣᠯᠠ ᠲᠠᠢ ᠃ 1989 ᠣᠨ ᠠ᠋ᠴᠠ ᠡᠬᠢᠯᠡᠨ ᠤᠷᠠᠨ ᠵᠣᠬᠢᠶᠠᠯ ᠂ ᠢᠷᠠᠭᠤ ᠨᠠᠢᠷᠠᠭ ᠣᠷᠤᠯᠳᠤᠵᠤ ︽ ᠠᠯᠠᠱᠠ ᠤᠷᠠᠨ ᠵᠣᠬᠢᠶᠠᠯ ︾ ᠂ ︽ ᠠᠯᠠᠱᠠ ᠡᠳᠦᠷ ᠦ᠋ᠨ ᠰᠣᠨᠢᠨ ︾ ᠂ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠂ ︽ ᠤᠷᠤᠭ ᠭᠡᠷ ᠪᠦᠯᠢ ᠨᠡᠢᠭᠡᠮ ︾ ᠂ ︽ ᠥᠨᠢᠷ ᠴᠡᠴᠡᠭ ︾ ᠂ ︽ ᠴᠣᠯᠮᠤᠨ ︾ ᠂ ︽ ᠥᠪᠦᠷ ᠮᠣᠩᠭᠤᠯ ᠤ᠋ᠨ ᠵᠠᠯᠠᠭᠤᠴᠤᠳ ︾ ᠂ ︽ ᠬᠤᠨ ᠭᠠᠯᠠᠭᠤ ︾ ᠵᠡᠷᠭᠡ ᠰᠣᠨᠢᠨ ᠰᠡᠳᠭᠦᠯ ‍ᠳ᠋ᠥ ᠥᠪᠡᠷ ᠦ᠋ᠨ ᠪᠦᠲᠦᠭᠡᠯ  ᠢ᠋ᠶ᠋ᠡᠨ ᠨᠡᠢᠲᠡᠯᠡᠭᠦᠯᠦᠭᠰᠡᠭᠡᠷ ᠢᠷᠡᠵᠡᠢ ᠃ 2012 ᠣᠨ ‍ᠳ᠋ᠥ ᠭᠤᠷᠪᠠᠨ ᠪᠦᠯᠦᠭᠲᠦ ᠷᠠᠳᠢᠣ᠋ ᠵᠦᠴᠦᠭᠡ ︽ ᠰᠣᠩᠭᠤᠯᠲᠠ︾ ᠨᠢ ᠪᠦᠬᠦ ᠣᠷᠤᠨ ᠤ᠋ ᠠᠷᠪᠠᠨ ᠨᠢᠭᠡᠳᠦᠭᠡᠷ ᠬᠤᠭᠤᠴᠠᠭᠠᠨ ᠤ ︽ ᠲᠠᠪᠤ ᠨᠢᠭᠡ ᠢᠨᠵᠧᠨᠧᠷᠢᠩ ︾ ᠤᠨ ᠪᠦᠲᠦᠭᠡᠯ ᠰᠣᠩᠭᠤᠭᠳᠠᠭᠰᠠᠨ ᠱᠠᠩᠨᠠᠯ ᠲᠤᠰᠴᠠᠢ ᠃ 2002 ᠣᠨ ‍ᠳ᠋ᠥ ᠠᠩᠬᠠᠳᠤᠭᠠᠷ ᠤᠳᠠᠭᠠᠨ ᠤ᠋ ︽ ᠲᠡᠭᠷᠢ  ᠶᠢᠨ ᠪᠣᠲᠤᠭᠤ ︾ ᠢᠷᠠᠭᠤ ᠨᠠᠢᠷᠠᠭ ᠤ᠋ᠨ ᠲᠡᠮᠡᠴᠡᠭᠡᠨ ‍ᠳ᠋ᠥ ︽ ᠠᠯᠠᠱᠠ︾ ᠭᠡᠬᠦ ᠢᠷᠠᠭᠤ ᠨᠠᠢᠷᠠᠭ ᠢ᠋ᠶ᠋ᠠᠷ ᠡᠮᠦᠨ᠎ᠡ ᠳᠥᠷᠪᠡ ‍ᠳ᠋ᠥ ᠲᠣᠳᠤᠷᠠᠵᠤ ᠂ 2004 ᠣᠨ ‍ᠳ᠋ᠥ ︽ ᠲᠡᠭᠷᠢ  ᠶᠢᠨ ᠪᠣᠲᠤᠭᠤ ︾ ᠢᠷᠠᠭᠤ ᠨᠠᠢᠷᠠᠭ ᠤ᠋ᠨ ᠲᠡᠮᠡᠴᠡᠭᠡᠨ ‍ᠳ᠋ᠥ ︽ ᠪᠦᠷᠳᠡ ᠴᠢᠨᠤ᠎ᠠ ᠶ᠋ᠢᠨ ᠮᠣᠩᠭᠤᠯ ︾ ᠢᠷᠠᠭᠤ ᠨᠠᠢᠷᠠᠭ ᠢ᠋ᠶ᠋ᠠᠷ ᠢ᠋ᠶ᠋ᠠᠨ ᠡᠮᠦᠨ᠎ᠡ ᠨᠠᠢ᠍ᠮᠠ ‍ᠳ᠋ᠥ ᠲᠣᠳᠤᠷᠠᠵᠠᠢ ᠃ 2004 ᠣᠨ ‍ᠳ᠋ᠥ ︽ ᠨᠡᠭᠦᠳᠡᠯ ︾ ᠨᠠᠢᠷᠠᠭᠤᠯᠤᠯ ︽ ᠬᠤᠨ ᠭᠠᠯᠠᠭᠤ ︾ ᠨᠡᠷᠡᠮᠵᠢᠲᠦ ᠣᠬᠤᠷ ᠵᠣᠬᠢᠶᠠᠯ ᠤ᠋ᠨ ᠤᠷᠤᠯᠳᠤᠭᠠᠨ ‍ᠳ᠋ᠥ ᠬᠣᠶᠠᠳᠤᠭᠠᠷ ᠲᠡᠰ ᠲᠦ᠍ ᠣᠷᠤᠪᠠ ᠃ 2010 ᠣᠨ ‍ᠳ᠋ᠥ ︽ ᠬᠤᠪᠢ ᠲᠥᠭᠡᠷᠭᠡ ︾ ᠲᠤᠭᠤᠵᠢ ᠠᠯᠠᠱᠠ ᠠᠢᠮᠠᠭ ᠤ᠋ᠨ ᠠᠩᠬᠠᠳᠤᠭᠠᠷ ᠬᠤᠭᠤᠴᠠᠭᠠᠨ ᠤ ᠰᠢᠯᠢᠳᠡᠭ ᠤᠷᠠᠨ ᠵᠣᠬᠢᠶᠠᠯ ᠤ᠋ᠨ ᠰᠢᠯᠭᠠᠷᠠᠭᠤᠯᠤᠯᠲᠠ ‍ᠳ᠋ᠥ ᠰᠢᠯᠢᠳᠡᠭ ᠵᠣᠬᠢᠶᠠᠯ ᠢ᠋ᠶ᠋ᠠᠷ ᠬᠥᠬᠢᠭᠦᠯᠦᠭᠳᠡᠪᠡ ᠃ 2013 ᠣᠨ ‍ᠳ᠋ᠥ ︽ ᠦᠷ᠎ᠡ ︾ ᠥᠭᠦᠯᠡᠯᠭᠡ ᠪᠦᠬᠦ ᠠᠢᠮᠠᠭ ᠤ᠋ᠨ ᠬᠣᠶᠠᠳᠤᠭᠠᠷ ᠬᠤᠭᠤᠴᠠᠭᠠᠨ ᠤ ᠰᠢᠯᠢᠳᠡᠭ ᠵᠣᠬᠢᠶᠠᠯ ᠤ᠋ᠨ ᠰᠢᠯᠭᠠᠷᠠᠭᠤᠯᠤᠯᠲᠠ ‍ᠳ᠋ᠥ ᠭᠤᠷᠪᠠᠳᠤᠭᠠᠷ ᠲᠡᠰ ᠢ᠋ᠶ᠋ᠡᠷ ᠱᠠᠩᠨᠠᠭᠳᠠᠪᠠ ᠃ 2015 ᠣᠨ ‍ᠳ᠋ᠥ ᠠᠯᠠᠱᠠ ᠠᠢᠮᠠᠭ ᠤ᠋ᠨ ᠭᠤᠷᠪᠠᠳᠤᠭᠠᠷ ᠬᠤᠭᠤᠴᠠᠭᠠᠨ ᠤ᠋ ᠰᠢᠯᠢᠳᠡᠭ ᠤᠷᠠᠨ ᠵᠣᠬᠢᠶᠠᠯ ᠤ᠋ᠨ ᠰᠢᠯᠭᠠᠷᠠᠭᠤᠯᠤᠯᠲᠠ ‍ᠳ᠋ᠥ ᠨᠢᠭᠡᠳᠦᠭᠡᠷ ᠲᠡᠰ ᠢ᠋ᠶ᠋ᠡᠷ ᠰᠢᠯᠭᠠᠷᠠᠪᠠ ᠃ ︽ ᠦᠷ᠎ᠡ ︾ ᠥᠭᠦᠯᠡᠯᠭᠡ ᠪᠠᠰᠠ ᠮᠣᠩᠭᠤᠯ ᠤᠯᠤᠰ ᠤᠨ ᠤᠯᠠᠭᠠᠨᠪᠠᠭᠠᠲᠤᠷ ᠤᠨ ︽ ᠰᠢᠤᠳᠠᠨ ᠰᠣᠨᠢᠨ ︾ ‍ᠳ᠋ᠥ ᠰᠣᠩᠭᠤᠭᠳᠠᠨ ᠨᠡᠢᠲᠡᠯᠡᠭᠳᠡᠪᠡ ᠃ ᠣᠳᠣ ᠨᠠᠢᠷᠠᠭᠤᠯᠤᠯ ᠤ᠋ᠨ ᠲᠡᠭᠦᠪᠦᠷᠢ ︽ ᠬᠠᠢᠷ᠎ᠠ ᠶ᠋ᠢᠨ ᠨᠠᠷᠠᠰᠣᠨ᠋ᠤᠢ ︾ ᠂ ᠲᠤᠭᠤᠵᠢ ᠥᠭᠦᠯᠡᠯᠭᠡ ᠶ᠋ᠢᠨ ᠲᠡᠭᠦᠪᠦᠷᠢ ︽ ᠬᠤᠪᠢ ᠲᠥᠭᠡᠷᠭᠡ ︾ ᠬᠤᠶᠠᠷ ᠨᠣᠮ ᠲᠠᠢ ᠃ ᠲᠡᠷᠡᠪᠡᠷ ᠳᠤᠮᠳᠠᠳᠤ ᠤᠯᠤᠰ ᠤᠨ ᠨᠠᠢᠷᠠᠭᠤᠯᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠠᠯᠠᠱᠠ ᠠᠢᠮᠠᠭ ᠤ᠋ᠨ ᠵᠣᠬᠢᠶᠠᠯᠴᠢᠳ ᠤ᠋ᠨ ᠡᠪᠯᠡᠯ ᠦ᠋ᠨ ᠪᠠᠢᠩᠭᠤ ᠶ᠋ᠢᠨ ᠬᠡᠷᠡᠭ ᠮᠡᠳᠡᠭᠴᠢ ᠵᠡᠷᠭᠡ ᠨᠡᠢᠭᠡᠮ ᠦ᠋ᠨ ᠡᠭᠦᠷᠭᠡ ᠲᠤᠰᠢᠶᠠᠯ ᠲᠠᠢ ᠶᠠᠪᠤᠵᠤ ᠪᠠᠢᠭ᠎ᠠ ᠪᠢᠯᠡ ᠃