ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠣᠶᠤᠯᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠣᠶᠤᠯᠲᠤ ᠂ 1968 ᠣᠨ ᠤ᠋ 6 ᠰᠠᠷ᠎ᠠ ᠵᠢᠨ 1 ᠤ ᠡᠳᠦᠷ ᠤᠷᠠᠳ ᠤᠨ ᠳᠤᠮᠳᠠᠳᠤ ᠬᠣᠰᠢᠭᠤᠨ ᠤ᠋ ᠪᠠᠶᠠᠨᠬᠠᠩᠭᠠᠢ ᠰᠤᠮᠤᠨ ᠤ ᠲᠥᠭᠦᠷᠢᠭ ᠭᠠᠴᠠᠭᠠᠨ ᠤ ᠠᠪᠤ ᠷᠠᠰᠢᠳᠤᠩᠭᠤᠷᠤᠪ ᠡᠵᠢ ᠡᠷᠳᠡᠨᠢᠴᠡᠴᠡᠭ ᠦ᠋ᠨ ᠶᠡᠬᠡ ᠬᠦᠦ ᠨᠢ ᠪᠣᠯᠤᠨ ᠵᠠᠶᠠᠭᠠᠵᠠᠢ ᠃ 1977 ᠣᠨ ᠠ᠋ᠴᠠ 1982 ᠣᠨ ᠬᠦᠷᠲᠡᠯ᠎ᠡ ᠪᠠᠶᠠᠨᠬᠠᠩᠭᠠᠢ ᠰᠤᠮᠤᠨ ᠤ ᠪᠠᠭ᠎ᠠ ᠰᠤᠷᠭᠠᠭᠤᠯᠢ ‍ᠳ᠋ᠥ ᠪᠢᠴᠢᠭ ᠦᠵᠡᠪᠡ ᠃ 1982 ᠣᠨ ᠤ᠋ 9 ᠰᠠᠷ᠎ᠠ  ᠠᠴᠠ ᠡᠳᠦᠭᠡ ᠪᠣᠯᠲᠠᠯ᠎ᠠ ᠭᠠᠭᠴᠠᠮᠣᠳᠤ ᠪᠠᠯᠭᠠᠰᠤᠨ ᠤ ︵ ᠤᠤᠯ ᠤᠨ ᠪᠠᠶᠠᠨᠬᠠᠩᠭᠠᠢ ᠰᠤᠮᠤ ︶ ᠲᠥᠭᠦᠷᠢᠭ ᠭᠠᠴᠠᠭᠠᠨ ‍ᠳ᠋ᠥ ᠮᠠᠯ ᠮᠠᠯᠵᠢᠵᠤ ᠪᠤᠢ ᠃ 1990 ᠣᠨ ᠠ᠋ᠴᠠ ᠡᠬᠢᠯᠡᠨ ᠵᠣᠬᠢᠶᠠᠯ ᠪᠢᠴᠢᠵᠦ ᠂ 1991 ᠣᠨ ‍ᠳ᠋ᠥ ︽ ᠮᠢᠨᠤ ᠨᠤᠲᠤᠭ ︾ ᠭᠡᠰᠡᠨ ᠤᠤᠭᠠᠨ ᠰᠢᠯᠦᠭ  ᠢ᠋ᠶ᠋ᠡᠨ ︽ ᠪᠠᠶᠠᠨ ᠨᠠᠭᠤᠷ ᠤᠨ ᠰᠣᠨᠢᠨ ︾ ᠳᠡᠭᠡᠷ᠎ᠡ ᠨᠡᠢᠲᠡᠯᠡᠭᠦᠯᠪᠡ ᠃ ᠡᠳᠦᠭᠡ ᠪᠣᠯᠲᠠᠯ᠎ᠠ ︽ ᠥᠨᠢᠷ ᠴᠡᠴᠡᠭ ︾ ᠂ ︽ ᠲᠤᠷᠤᠭ ᠰᠠᠷᠠᠨ᠎ᠠ ︾ ᠂ ︽ ᠪᠠᠶᠠᠨ ᠨᠠᠭᠤᠷ ᠤᠨ ᠰᠣᠨᠢᠨ ︾ ᠂ ︽ ᠤᠷᠠᠳ ᠤᠳᠭ᠎ᠠ ᠤᠷᠠᠯᠢᠭ ︾ ᠵᠡᠷᠭᠡ ᠰᠣᠨᠢᠨ ᠰᠡᠳᠭᠦᠯ ᠳᠡᠭᠡᠷ᠎ᠡ 100 ᠭᠠᠷᠤᠢ ᠰᠣᠨᠢᠨ ᠮᠡᠳᠡᠭᠡ ᠂ ᠴᠢᠮᠡᠭᠡᠯᠡᠯ ᠂ ᠰᠢᠯᠦᠭ ᠂ ᠨᠠᠢᠷᠠᠭᠤᠯᠤᠯ ᠨᠡᠢᠲᠡᠯᠡᠪᠡ ᠃ 2012 ᠣᠨ ᠤ᠋ 12 ᠰᠠᠷ᠎ᠠ ‍ᠳ᠋ᠥ ᠶᠢᠰᠦᠳᠦᠭᠡᠷ ᠬᠤᠭᠤᠴᠠᠭᠠᠨ ᠤ ︽ ᠰᠦ᠋ ᠵᠢᠨ ᠰᠠᠴᠤᠯᠢ ︾ ᠮᠠᠯᠴᠢᠳ ᠤᠨ ᠵᠣᠬᠢᠶᠠᠯ ᠤ᠋ᠨ ᠤᠷᠤᠯᠳᠤᠭᠠᠨ ᠪᠣᠯᠤᠨ ᠬᠣᠶᠠᠳᠤᠭᠠᠷ ᠬᠤᠭᠤᠴᠠᠭᠠᠨ ᠤ ︽ ᠤᠷᠠᠳ ᠬᠤᠨᠳᠠᠭᠠᠲᠤ ︾ ᠮᠠᠯᠴᠢᠳ ᠤᠨ ᠰᠢᠯᠦᠭ ᠦ᠋ᠨ ᠤᠷᠤᠯᠳᠤᠭᠠᠨ ‍ᠳ᠋ᠥ ︽ ᠳᠤᠷᠠᠳᠭᠠᠯ ︾ ᠭᠡᠰᠡᠨ ᠰᠢᠯᠦᠭ ᠨᠢ ᠪᠠᠶᠠᠨᠨᠠᠭᠤᠷ ᠤ᠋ᠨ ᠨᠢᠭᠡᠳᠦᠭᠡᠷ ᠲᠡᠰ ᠦ᠋ᠨ ᠱᠠᠩᠨᠠᠯ  ᠢ ᠬᠦᠷᠲᠡᠵᠡᠢ ᠃ 2014 ᠣᠨ ‍ᠳ᠋ᠥ ᠤᠷᠠᠳ ᠤᠨ ᠳᠤᠮᠳᠠᠳᠤ ᠬᠣᠰᠢᠭᠤᠨ ᠤ᠋ ᠠᠩᠬᠠᠳᠠᠭᠴᠢ ᠤᠳᠠᠭᠠᠨ ᠤ ︽ ᠬᠤᠨ ᠤ ᠡᠭᠡᠰᠢᠭ ︾ ᠮᠠᠯᠴᠢᠳ ᠤᠨ ᠰᠢᠯᠦᠭ ᠦ᠋ᠨ ᠤᠷᠤᠯᠳᠤᠭᠠᠨ ‍ᠳ᠋ᠥ ︽ ᠮᠢᠨᠤ ᠰᠠᠢᠬᠠᠨ ᠤᠷᠠᠳ ︾ ᠭᠡᠰᠡᠨ ᠰᠢᠯᠦᠭ ᠨᠢ ᠵᠣᠷᠢᠭᠵᠢᠭᠤᠯᠤᠯ ᠤ᠋ᠨ ᠱᠠᠩᠨᠠᠯ  ᠢ ᠣᠯᠪᠠ ᠃ 2014 ᠣᠨ ‍ᠳ᠋ᠥ ᠤᠷᠠᠳ ᠤᠨ ᠳᠤᠮᠳᠠᠳᠤ ᠬᠣᠰᠢᠭᠤᠨ ᠤ᠋ ᠠᠩᠬᠠᠳᠠᠭᠴᠢ ᠤᠳᠠᠭᠠᠨ ᠤ ︽ ᠭᠣᠪᠢ ᠵᠢᠨ ᠳᠤᠤᠯᠢᠶᠠᠨ ︾ ᠵᠣᠬᠢᠶᠠᠯ ᠤ᠋ᠨ ᠤᠷᠤᠯᠳᠤᠭᠠᠨ ‍ᠳ᠋ᠥ ︽ ᠥᠪ ︾ ᠭᠡᠰᠡᠨ ᠨᠠᠢᠷᠠᠭᠤᠯᠤᠯ ᠨᠢ ᠮᠠᠯᠴᠢᠳ ᠤᠨ ᠳᠤᠭᠤᠢᠯᠠᠩ ᠤ᠋ᠨ ᠬᠣᠶᠠᠳᠤᠭᠠᠷ ᠲᠡᠰ ᠦ᠋ᠨ ᠱᠠᠩᠨᠠᠯ  ᠢ ᠬᠦᠷᠲᠡᠵᠡᠢ ᠃ ᠰᠣᠶᠤᠯᠲᠤ ᠥᠪᠡᠷᠲᠡᠭᠡᠨ ᠴᠢᠷᠮᠠᠢᠨ ᠵᠣᠬᠢᠶᠠᠨ ᠪᠦᠲᠦᠭᠡᠬᠦ ᠪᠡᠷ ᠪᠠᠷᠠᠬᠤ ᠦᠭᠡᠢ ᠂ ᠰᠣᠷᠤᠭᠴᠢ ᠪᠠᠭᠠᠴᠤᠳ ᠤᠨ ᠰᠣᠶᠤᠯ ᠤ᠋ᠨ ᠠᠵᠢᠯ ‍ᠳ᠋ᠥ ᠦᠷᠭᠦᠯᠵᠢ ᠰᠠᠨᠠᠭ᠎ᠠ ᠲᠠᠯᠪᠢᠵᠤ ᠂ ᠪᠣᠳᠠᠲᠠᠢ ᠪᠠᠷ ᠳᠡᠮᠵᠢᠳᠡᠭ ᠶᠤᠮ ᠃ 2013 ᠣᠨ ‍ᠳ᠋ᠥ ᠪᠣᠯᠤᠭᠰᠠᠨ ᠬᠣᠰᠢᠭᠤᠨ ᠤ᠋ ᠮᠣᠩᠭᠤᠯ ᠰᠤᠷᠭᠠᠭᠤᠯᠢ ᠵᠢᠨ ᠰᠤᠷᠤᠭᠴᠢᠳ ᠤ᠋ᠨ ︽ ᠴᠡᠩᠭᠡᠷ ᠠᠶᠠᠯᠭᠤᠨ ︾ ᠰᠢᠯᠦᠭ ᠦ᠋ᠨ ᠤᠷᠤᠯᠳᠤᠭᠠᠨ ‍ᠳ᠋ᠥ 3000 ᠲᠥᠭᠦᠷᠢᠭ  ᠢ᠋ᠶ᠋ᠡᠷ ᠳᠡᠮᠵᠢᠯᠭᠡ ᠦᠵᠡᠭᠦᠯᠵᠦ ᠂ ᠤᠯᠠᠨ ᠤ ᠲᠠᠭᠠᠰᠢᠶᠠᠯ  ᠢ ᠶᠡᠬᠡ ᠪᠡᠷ ᠣᠯᠵᠠᠢ ᠃ ᠰᠣᠶᠤᠯᠲᠤ ᠪᠣᠯ ᠮᠠᠯᠴᠢᠨ ᠵᠣᠬᠢᠶᠠᠭᠴᠢ ᠂ ᠪᠠᠶᠠᠨᠨᠠᠭᠤᠷ ᠬᠤᠳᠠ ᠵᠢᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠮᠥᠨ ᠃