ᠨᠡᠷ᠎ᠡ:
ᠭᠠᠷᠪᠤ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠨᠡᠷ᠎ᠡ ᠄ ᠭᠠᠷᠪᠤ ᠂ ᠪᠢᠷ ᠦ᠋ᠨ ᠨᠡᠷ᠎ᠡ ᠄ ᠴᠦᠯᠬᠦᠳ ᠴᠠᠭᠠᠨ ᠂ 1963 ᠣᠨ ᠣ10 ᠰᠠᠷ᠎ᠠ ᠶᠢᠨ28 ᠣ ᠡᠳᠦᠷ ᠬᠢᠩᠭᠠᠨ ᠠᠢᠮᠠᠭ ᠤ᠋ᠨ ᠵᠠᠯᠠᠢᠳ ᠬᠣᠰᠢᠭᠤᠨ ᠣ ᠪᠠᠳᠠᠷᠠᠬᠤ ᠪᠠᠯᠭᠠᠰᠤᠨ ᠣ ᠰᠢᠨᠡᠬᠡᠨ ᠭᠠᠴᠠᠭ᠎ᠠ ᠳ᠋ᠥ ᠨᠤᠲᠤᠭ ᠲᠠᠢ ᠲᠠᠷᠢᠶᠠᠴᠢᠨ ᠯᠢᠶᠠᠨ ᠰᠦᠸᠧ ᠪᠣᠯᠤᠨ ᠮᠸᠳᠡᠭ ᠤᠨ ᠤᠤᠭᠠᠨ ᠬᠦᠦ ᠪᠣᠯᠵᠤ ᠵᠠᠶᠠᠭᠠᠪᠠ ᠃ ᠵᠠᠯᠠᠢᠳ ᠬᠣᠰᠢᠭᠤᠨ ᠣ ᠬᠠᠤᠯᠢ ᠴᠠᠭᠠᠵᠠ ᠶᠢᠨ ᠲᠤᠰᠠᠯᠠᠮᠵᠢ ᠶ᠋ᠢᠨ ᠲᠥᠪ ᠲᠦ᠍ ᠠᠵᠢᠯ ᠲᠠᠢ ᠃ ᠣᠷᠴᠢᠮ ᠤᠨ ᠵᠢᠯ ᠳ᠋ᠥ ︽ ᠨᠠᠷᠠᠨ ᠵᠦᠭ ᠦ᠋ᠨ ᠠᠶᠠᠨ ︾ ᠭᠡᠬᠦ ᠮᠡᠳᠡᠭᠡᠯᠡᠯ ᠦ᠋ᠨ ᠤᠷᠠᠨ ᠵᠣᠬᠢᠶᠠᠯ ᠂ ︽ ᠲᠦᠢᠮᠡᠷ ︾ ᠭᠡᠬᠦ ᠣᠬᠤᠷ ᠲᠤᠭᠤᠵᠢ ᠂ ︽ ᠨᠢᠭᠧᠷ ᠮᠥᠷᠡᠨ ᠬᠠᠯᠬᠢᠯᠠᠨ ᠴᠠᠯᠭᠢᠯᠠᠨ᠎ᠠ ︾ ᠭᠡᠬᠦ ᠣᠬᠤᠷ ᠥᠭᠦᠯᠡᠯᠭᠡ ᠪᠡᠷ ᠢ᠋ᠶ᠋ᠡᠨ ᠣᠷᠤᠨ ᠪᠠ ᠤᠯᠤᠰ ᠤ᠋ᠨ ᠲᠡᠰ ᠦ᠋ᠨ ᠮᠣᠩᠭᠤᠯ ᠤᠷᠠᠨ ᠵᠣᠬᠢᠶᠠᠯ ᠤᠨ ᠤᠷᠤᠯᠳᠤᠭᠠᠨ ᠣ ᠲᠡᠰ ᠲᠦ᠍ ᠣᠷᠤᠵᠤ ᠱᠠᠩ ᠲᠣᠰᠴᠤ ᠥᠩᠭᠡᠷᠡᠪᠡ ᠃ ᠮᠡᠳᠡᠭᠡᠯᠡᠯ ᠦ᠋ᠨ ᠤᠷᠠᠨ ᠵᠣᠬᠢᠶᠠᠯ ᠂ ᠥᠭᠦᠯᠡᠯᠭᠡ ᠂ ᠨᠠᠢᠷᠠᠭᠤᠯᠤᠯ ᠵᠡᠷᠭᠡ ᠨᠢ ᠠᠢᠮᠠᠭ ᠂ ᠣᠷᠤᠨ ᠣ ᠰᠣᠨᠢᠨ ᠪᠠ ︽ ᠵᠢᠷᠢᠮ ᠦ᠋ᠨ ᠤᠷᠠᠨ ᠵᠣᠬᠢᠶᠠᠯ ︾ ︽ ᠴᠣᠮᠣᠷᠯᠢᠭ ︾ ︽ ᠥᠪᠦᠷ ᠮᠣᠩᠭᠤᠯ ᠤ᠋ᠨ ᠵᠠᠯᠠᠭᠤᠴᠤᠳ ︾ ︽ ᠥᠨᠢᠷ ᠴᠡᠴᠡᠭ ︾ ᠵᠡᠷᠭᠡ ᠰᠡᠳᠭᠦᠯ ᠳ᠋ᠥ ᠨᠡᠢᠲᠡᠯᠡᠭᠳᠡᠵᠦ ᠥᠩᠭᠡᠷᠡᠵᠡᠢ ᠃ ᠪᠠᠰᠠ ᠬᠡᠳᠦᠨ ᠬᠤᠪᠢ ᠵᠣᠬᠢᠶᠠᠯ ᠨᠢ ᠪᠠᠳᠠᠷᠠᠬᠤ ᠨᠤᠲᠤᠭ ᠲᠠᠢ ᠠᠯᠳᠠᠷᠲᠤ ᠰᠢᠯᠦᠭᠴᠢ ᠠ ᠂ ᠰᠠᠢᠨᠴᠣᠭᠲᠤ ᠶ᠋ᠢᠨ ᠨᠠᠢᠷᠠᠭᠤᠯᠤᠭᠰᠠᠨ ︽ ᠰᠢᠷ᠎ᠠ ᠬᠠᠳᠠᠨ ᠣ ᠰᠡᠷᠭᠦᠯᠡᠩ ᠤᠨᠢᠶᠠᠷ ︾ ᠬᠡᠮᠡᠬᠦ ᠪᠠᠳᠠᠷᠬᠤ ᠨᠤᠲᠤᠭ ᠲᠠᠢ ᠵᠣᠬᠢᠶᠠᠯᠴᠢᠳ ᠤᠨ ᠤᠷᠠᠨ ᠵᠣᠬᠢᠶᠠᠯ ᠤᠨ ᠰᠣᠩᠭᠤᠮᠠᠯ ᠳ᠋ᠥ ᠲᠡᠭᠦᠪᠦᠷᠢᠯᠡᠭᠳᠡᠪᠡ ᠃
Copyight 2016 by nmgmzw.gov.cn All Rights Reserved