ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠭᠣᠣᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠭᠣᠣᠯ ︽ ᠭᠣᠣ ᠰᠡᠴᠡᠨ ︾ ᠡᠮᠡᠭᠲᠡᠢ ᠮᠣᠩᠭᠤᠯ ᠦᠨᠳᠦᠰᠦᠲᠡᠨ ᠠᠯᠠᠱᠠ ᠳ᠋ᠤ᠌ ᠲᠥᠷᠦᠵᠦ ᠥᠰᠪᠡ ᠃ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠥᠪᠦᠷ ᠮᠣᠩᠭᠤᠯ ᠤ᠋ᠨ ᠣᠷᠴᠢᠭᠤᠯᠤᠭᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠠᠯᠠᠱᠠ ᠠᠢᠮᠠᠭ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠳᠡᠭᠡᠳᠦ ᠲᠡᠰ ᠦ᠋ᠨ ᠨᠠᠢᠷᠠᠭᠤᠯᠤᠭᠴᠢ ᠂ ᠰᠤᠷᠪᠤᠯᠵᠢᠯᠠᠭᠴᠢ ᠂ ᠨᠠᠢᠷᠠᠭᠤᠯᠤᠭᠴᠢ ᠂ ᠣᠷᠴᠢᠭᠤᠯᠤᠭᠴᠢᠳ ᠤ᠋ᠨ ᠠᠵᠢᠯ  ᠢ ᠳᠥᠴᠢ ᠭᠠᠷᠤᠢ ᠵᠢᠯ ᠬᠢᠵᠦ ᠂ ᠣᠳᠣ ᠠᠯᠠᠱᠠ ᠠᠢᠮᠠᠭ ᠤ᠋ᠨ ᠤᠳᠭ᠎ᠠ ᠤᠷᠠᠯᠢᠭ ᠤᠨ ᠬᠣᠯᠪᠤᠭᠠᠨ ᠤ᠋ ︽ ᠠᠯᠠᠱᠠ ᠵᠣᠬᠢᠶᠠᠯ ︾ ᠰᠡᠳᠭᠦᠯ ᠦ᠋ᠨ ᠣᠨᠴᠠ ᠤᠷᠢᠭᠰᠠᠨ ᠨᠠᠢᠷᠠᠭᠤᠯᠤᠭᠴᠢ ᠪᠡᠷ ᠠᠵᠢᠯᠯᠠᠵᠤ ᠪᠠᠢᠨ᠎ᠠ ᠃ ︽ ᠭᠠᠯ ᠤᠯᠠᠭᠠᠨ ᠳᠤᠷᠠᠳᠭᠠᠯ ︾ ︽ ᠡᠩᠬᠡ ᠪᠠᠶᠠᠯᠢᠭ ᠠᠯᠠᠱᠠ ︾ ︽ ᠠᠯᠠᠱᠠ   ᠶᠢᠨ ᠤᠷᠠᠨ ᠵᠣᠬᠢᠶᠠᠯ  ᠤᠨ ᠱᠦᠭᠦᠮᠡᠭ ︾ ︿ ᠬᠢᠲᠠᠳ ᠬᠡᠪᠯᠡᠯ ﹀ ᠵᠡᠷᠭᠡ ᠨᠣᠮ ᠢ᠋ ᠨᠠᠢᠷᠠᠭᠤᠯᠵᠤ ᠂ ᠣᠷᠴᠢᠭᠤᠯᠤᠨ ᠬᠡᠪᠯᠡᠭᠦᠯᠪᠡ ᠃ ᠡᠭᠦᠨ ᠦ᠌ ᠬᠠᠮᠲᠤ ︽ ᠠᠯᠠᠱᠠ ᠶ᠋ᠢᠨ ᠰᠣᠨᠢᠨ ︾ ᠤ ᠬᠣᠷᠢᠶᠠᠨ ‍ᠳ᠋ᠣ ᠠᠵᠢᠯᠯᠠᠵᠤ ᠪᠠᠢᠬᠤ ᠬᠤᠭᠤᠴᠠᠭᠠᠨ ᠳ᠋ᠠᠭᠠᠨ ᠰᠣᠨᠢᠨ ᠮᠡᠳᠡᠭᠡ ᠂ ᠴᠢᠮᠡᠭᠡᠯᠡᠯ ᠂ ᠥᠭᠦᠯᠡᠯᠭᠡ ᠂ ᠨᠠᠢᠷᠠᠭᠤᠯᠤᠯ ᠂ ᠵᠡᠷᠭᠡ ᠵᠣᠬᠢᠶᠠᠯ ᠪᠦᠲᠦᠭᠡᠯ ᠨᠢ ᠣᠷᠤᠨ ᠤ᠋ ᠲᠡᠰ ᠦ᠋ᠨ ᠡᠯ᠎ᠡ ᠵᠦᠢᠯ ᠦ᠋ᠨ ᠱᠠᠩᠨᠠᠯ ᠬᠥᠬᠢᠭᠦᠯᠦᠯ ᠢ᠋ ᠣᠯᠠᠨᠲᠠ ᠬᠦᠷᠲᠡᠵᠦ ᠥᠩᠭᠡᠷᠡᠪᠡ ᠃ ᠣᠷᠴᠢᠮ ᠳ᠋ᠤ᠌ ︽ ᠠᠯᠠᠱᠠᠨ ᠵᠢᠨ ᠦᠯᠢᠭᠡᠷ ︾ ᠂ ︽ ᠤᠷᠠᠨ ᠵᠣᠬᠢᠶᠠᠯ ᠤ᠋ᠨ ᠱᠦᠭᠦᠮᠡᠭ ︾ ᠵᠡᠷᠭᠡ ᠨᠣᠮ ᠢ᠋ ᠣᠷᠴᠢᠭᠤᠯᠤᠨ ᠨᠠᠢᠷᠠᠭᠤᠯᠵᠤ ᠬᠡᠪᠯᠡᠭᠦᠯᠦᠨ ᠲᠠᠷᠬᠠᠭᠠᠪᠠ ᠃ ᠡᠭᠦᠨ ᠡᠴᠡ ᠭᠠᠳᠠᠨ᠎ᠠ ᠠᠯᠠᠱᠠ ᠤᠷᠠᠨ ᠵᠣᠬᠢᠶᠠᠯ ᠨᠡᠢᠲᠡ 15 ᠳᠡᠪᠲᠡᠷ ᠨᠠᠢᠷᠠᠭᠤᠯᠤᠨ ᠲᠠᠷᠬᠠᠭᠠᠠᠰᠠᠨ ᠪᠠᠢᠨ᠎ᠠ ᠃ ᠮᠠᠰᠢ ᠣᠯᠠᠨ ᠵᠣᠬᠢᠶᠠᠯ ᠪᠦᠲᠦᠭᠡᠯ ᠨᠢ ᠤᠷᠠᠨ ᠤ᠋ ᠳᠣᠲᠤᠷ᠎ᠠ ᠭᠠᠳᠠᠨ᠎ᠠ ᠨᠡᠢᠲᠡᠯᠡᠭᠳᠡᠵᠦ ᠂ ᠱᠠᠩᠨᠠᠯ ᠬᠥᠬᠢᠭᠦᠯᠦᠯ ᠢ᠋ ᠬᠦᠷᠲᠡᠵᠦ ᠣᠷᠤᠨ ᠤ᠋ ᠲᠡᠰ ᠦ᠋ᠨ ᠰᠢᠯᠢᠳᠡᠭ ᠨᠠᠢᠷᠠᠭᠤᠯᠤᠭᠴᠢ ᠪᠡᠷ ᠴᠣᠯᠠᠯᠠᠭᠳᠠᠵᠤ ᠂ ᠳᠡᠭᠡᠷ᠎ᠡ ᠵᠠᠭᠤᠨ ᠤ᠋ ᠳᠠᠯᠠᠭᠠᠳ ᠣᠨ ᠤ ᠡᠴᠦᠰ  ᠢ᠋ᠶ᠋ᠡᠷ ᠲᠡᠮᠡᠭᠡ ᠤᠨᠤᠵᠤ ᠂ ᠪᠠᠳᠠᠢ ᠶ᠋ᠢᠨ ᠵᠢᠷᠠᠨ ᠤ᠋ ᠡᠯᠡᠰᠦᠨ ᠳ᠋ᠦ᠍ ᠣᠷᠣᠠᠠᠰᠠᠨ ᠳᠤᠮᠳᠠᠳᠤ ᠤᠯᠤᠰ ᠤᠨ ᠠᠩᠬᠠᠳᠠᠭᠴᠢ ᠡᠮᠡᠭᠲᠡᠢ ᠰᠤᠷᠪᠤᠯᠵᠢᠯᠠᠭᠴᠢ ᠪᠡᠷ ᠴᠣᠯᠠᠯᠠᠭᠳᠠᠪᠠ ᠃ ᠠᠯᠠᠱᠠ ᠵᠢᠨ 27 ᠲᠡᠭᠰᠢ ᠳᠥᠷᠪᠡᠯᠵᠢᠨ ᠺᠢᠯᠣᠮᠧᠲ᠋ᠷ ᠭᠠᠵᠠᠷ ᠪᠦᠬᠦᠨ  ᠢ᠋ᠶ᠋ᠡᠷ ᠰᠤᠷᠪᠤᠯᠵᠢᠯᠠᠭ᠎ᠠ ᠬᠢᠵᠦ ᠶᠠᠪᠤᠭᠰᠠᠨ ᠪᠠᠢᠨ᠎ᠠ ᠃