ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠤᠩ ᠴᠤᠤᠷᠢᠶ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠤᠩ ᠴᠤᠤᠷᠢᠶ᠎ᠠ ᠮᠣᠩᠭᠤᠯ ᠦᠨᠳᠦᠰᠦᠲᠡᠨ ᠂ ᠰᠡᠳᠭᠦᠯᠴᠢ ᠂ ᠨᠠᠢᠷᠠᠭᠤᠯᠤᠭᠴᠢ ᠶ᠋ᠢᠨ ᠠᠯᠪᠠ ᠲᠠᠢ ᠃ 1973 ᠣᠨ ᠤ ᠡᠪᠦᠯ ᠳᠡᠯᠡᠬᠡᠢ ᠬᠤᠳᠠ  ᠶᠢᠨ ᠭᠣᠪᠢ ᠰᠤᠮᠤᠨ ᠤ ᠬᠦᠷᠡᠯᠨᠠᠭᠤᠷ ᠲᠣᠰᠭᠤᠨ ᠤ᠋ ᠨᠢᠭᠡᠨ ᠬᠠᠰᠢᠷ ᠵᠢᠱ᠌ᠢᠶᠡᠴᠢ ᠮᠠᠯᠴᠢᠨ ᠤ ᠭᠡᠷ ᠲᠦ᠍ ᠨᠢᠯᠬ᠎ᠠ  ᠶᠢᠨ ᠳᠠᠭᠤ ᠪᠠᠨ ᠠᠶᠠᠯᠠᠭᠤᠯᠤᠨ ᠶᠢᠷᠲᠢᠨᠴᠦ ᠳ᠋ᠦ᠍ ᠵᠠᠶᠠᠭᠠᠵᠠᠢ ᠃1985ᠣᠨ ᠳ᠋ᠤ᠌ ᠭᠣᠪᠢ ᠰᠤᠮᠤᠨ ᠤ ᠪᠠᠭ᠎ᠠ ᠰᠤᠷᠭᠠᠭᠤᠯᠢ  ᠠᠴᠠ ᠲᠡᠭᠦᠰᠴᠦ ᠂1988 ᠣᠨ ᠳ᠋ᠤ᠌ ᠳᠡᠯᠡᠬᠡᠢ ᠬᠤᠳᠠ ᠶᠢᠨ ᠦᠨᠳᠦᠰᠦᠲᠡᠨ ᠦ᠌ ᠳᠤᠮᠳᠠᠳᠤ ᠰᠤᠷᠭᠠᠭᠤᠯᠢ  ᠠᠴᠠ ᠠᠩᠬ᠎ᠠ ᠳᠤᠮᠳᠠᠳᠤ ‍ᠪᠠᠨ ᠲᠡᠭᠦᠰᠴᠦ ᠂1991 ᠣᠨ ᠳ᠋ᠤ᠌ ᠳᠡᠯᠡᠬᠡᠢ ᠬᠤᠳᠠ ᠶᠢᠨ ᠦᠨᠳᠦᠰᠦᠲᠡᠨ ᠦ᠌ ᠳᠤᠮᠳᠠᠳᠤ ᠰᠤᠷᠭᠠᠭᠤᠯᠢ ᠶᠢᠨ ᠳᠡᠭᠡᠳᠦ ᠳᠤᠮᠳᠠᠳᠤ  ᠠᠴᠠ ᠲᠡᠭᠦᠰᠴᠦ ᠂ 1995 ᠣᠨ ᠤ᠋ 6 ᠰᠠᠷ᠎ᠠ ᠳ᠋ᠤ᠌ ᠪᠠᠷᠠᠭᠤᠨ ᠬᠣᠢᠲᠤ ᠶ᠋ᠢᠨ ᠦᠨᠳᠦᠰᠦᠲᠡᠨ ᠦ᠌ ᠶᠡᠬᠡ ᠰᠤᠷᠭᠠᠭᠤᠯᠢ  ᠠᠴᠠ ᠲᠡᠭᠦᠰᠦᠭᠡᠳ ᠬᠠᠢᠰᠢ ᠵᠧᠦ ᠶ᠋ᠢᠨ ᠤᠳᠭ᠎ᠠ ᠵᠣᠬᠢᠶᠠᠯ ᠤᠷᠠᠯᠢᠭ ᠤᠨ ᠬᠢᠨ ᠦ᠌ ᠬᠣᠯᠪᠤᠭᠠᠨ ᠤ᠋ ︽ ᠴᠡᠴᠡᠭᠲᠦ ᠴᠠᠢᠳᠠᠮ ︾ ᠰᠡᠳᠭᠦᠯ ᠦ᠋ᠨ ᠬᠣᠷᠢᠶᠠᠨ ᠳ᠋ᠤ᠌ ᠠᠵᠢᠯ ᠤᠨ ᠭᠠᠷᠤᠭ᠎ᠠ ᠪᠠᠨ ᠠᠪᠴᠤ ᠂ ᠥᠨᠥ ᠳᠡᠳ᠋ ᠶᠡᠷᠦᠩᠬᠡᠢ ᠨᠠᠢᠷᠠᠭᠤᠯᠤᠭᠴᠢ ᠪᠠᠷ ᠠᠵᠢᠯᠯᠠᠵᠤ ᠪᠤᠢ ᠃ ᠤᠳᠠᠭᠠᠨ ᠵᠢᠯ ᠨᠠᠢᠷᠠᠭᠤᠯᠤᠭᠴᠢ ᠶ᠋ᠢᠨ ᠠᠯᠪᠠᠨ ᠳᠡᠭᠡᠷ᠎ᠡ ᠬᠦᠴᠦ ᠬᠥᠯᠦᠰᠦ ᠪᠡᠨ ᠡᠷᠭᠦᠵᠦ ᠂ ᠭᠠᠷᠮᠠᠭᠠᠢᠯᠠᠨ ᠠᠵᠢᠯᠯᠠᠭᠠᠳ ᠤᠷᠠᠨ ᠵᠣᠬᠢᠶᠠᠯ ᠳ᠋ᠤ᠌ ᠤᠷᠮ᠎ᠠ ᠬᠠᠢᠷ᠎ᠠ ᠪᠠᠨ ᠥᠭᠭᠦᠭᠰᠡᠨ ︽ ᠨᠡᠭᠦᠳᠡᠯ ᠦ᠋ᠨ ᠲᠣᠷᠭᠠᠨ ᠨᠠᠮᠤᠷ ︾ ᠬᠡᠮᠡᠬᠦ ᠢᠷᠠᠭᠤ ᠨᠠᠢᠷᠠᠭ ᠪᠣᠯᠤᠨ ︽ ᠠᠷᠴᠠ ︾ ᠬᠡᠮᠡᠬᠦ ᠨᠠᠢᠷᠠᠭᠤᠯᠤᠯ ᠂ ᠬᠤᠶᠠᠷ ᠲᠡᠭᠦᠪᠦᠷᠢ ᠨᠣᠮ ᠲᠠᠢ ᠃ ᠲᠡᠷᠡ 2010 ᠣᠨ ᠳ᠋ᠤ᠌ ᠰᠧᠴᠤᠸᠠᠨ ᠮᠤᠵᠢ  ᠶᠢᠨ ᠴᠧᠩᠳᠦ᠋ ᠳ᠋ᠦ᠍ ᠡᠷᠬᠢᠯᠡᠭᠰᠡᠨ ᠪᠦᠬᠦ ᠤᠯᠤᠰ ᠤᠨ ᠬᠤᠭᠤᠴᠠᠭᠠᠲᠤ ᠰᠡᠳᠭᠦᠯ ᠦ᠋ᠨ ᠪᠠᠷᠢᠮᠵᠢᠶ᠎ᠠ ᠬᠡᠯᠡᠨ ᠦ᠌ ᠬᠥᠮᠦᠵᠢᠭᠦᠯᠦᠨ ᠪᠣᠯᠪᠠᠰᠤᠷᠠᠭᠤᠯᠤᠯᠲᠠ ᠶ᠋ᠢᠨ ᠠᠩᠭᠢ ᠳ᠋ᠤ᠌ ᠰᠤᠷᠤᠯᠴᠠᠵᠤ ᠮᠡᠷᠭᠡᠵᠢᠯ ᠳᠡᠭᠡᠭᠰᠢᠯᠡᠭᠦᠯᠪᠡ ᠃ 2011ᠣᠨ ᠳ᠋ᠤ᠌ ᠵᠧᠵᠢᠶᠠᠩ ᠮᠤᠵᠢ  ᠶᠢᠨ ᠠᠵᠤ ᠦᠢᠯᠡᠳᠪᠦᠷᠢ ᠶ᠋ᠢᠨ ᠶᠡᠬᠡ ᠰᠤᠷᠭᠠᠭᠤᠯᠢ  ᠠᠴᠠ ᠡᠷᠬᠢᠯᠡᠭᠰᠡᠨ ᠬᠥᠬᠡᠨᠠᠭᠤᠷ ᠮᠤᠵᠢ  ᠶᠢᠨ ᠴᠥᠭᠡᠨ ᠲᠣᠭᠠᠲᠤ ᠦᠨᠳᠦᠰᠦᠲᠡᠨ ᠢ᠋ᠶ᠋ᠡᠷ ᠭᠣᠣᠯ ᠴᠣᠭᠴᠠ ᠪᠣᠯᠭᠠᠭᠰᠠᠨ ᠲᠤᠰᠭᠠᠢ ᠮᠡᠷᠭᠡᠵᠢᠯᠲᠡᠨ ᠢ᠋ ᠬᠥᠮᠦᠵᠢᠭᠦᠯᠦᠨ ᠪᠣᠯᠪᠠᠰᠤᠷᠠᠭᠤᠯᠬᠤ ᠠᠩᠭᠢ ᠳ᠋ᠤ᠌ ᠲᠣᠭᠤᠷᠢᠨ ᠰᠤᠷᠤᠯᠴᠠᠪᠠ ᠃ 2012 ᠣᠨ ᠳ᠋ᠤ᠌ ᠬᠥᠬᠡᠨᠠᠭᠤᠷ ᠮᠤᠵᠢ  ᠶᠢᠨ ᠦᠨᠳᠦᠰᠦᠲᠡᠨ ᠦ᠌ ᠬᠡᠪᠯᠡᠯ ᠦ᠋ᠨ ᠲᠣᠪᠴᠢᠶ᠎ᠠ ᠠ᠋ᠴᠠ ᠡᠷᠬᠢᠯᠡᠭᠰᠡᠨ ᠰᠢᠯᠢᠳᠡᠭ ᠨᠠᠢᠷᠠᠭᠤᠯᠤᠭᠴᠢ ᠶ᠋ᠢᠨ ᠬᠥᠮᠦᠵᠢᠭᠦᠯᠦᠨ ᠪᠣᠯᠪᠠᠰᠤᠷᠠᠭᠤᠯᠤᠯᠲᠠ ᠶ᠋ᠢᠨ ᠠᠩᠭᠢ ᠳ᠋ᠤ᠌ ᠰᠤᠷᠤᠯᠴᠠᠪᠠ ᠃ 2013 ᠣᠨ ᠳ᠋ᠤ᠌ ᠵᠡᠭᠦᠨ ᠬᠣᠢᠲᠤ ᠶ᠋ᠢᠨ ᠭᠤᠷᠪᠠᠨ ᠮᠤᠵᠢ  ᠶᠢᠨ ᠨᠢᠭᠡ ᠪᠣᠯᠬᠤ ᠬᠠᠷᠠᠮᠥ᠋ᠷᠡᠨ ᠮᠤᠵᠢ  ᠶᠢᠨ ᠳᠥᠷᠪᠡᠳ ᠰᠢᠶᠠᠨ ᠳ᠋ᠤ᠌ ᠬᠤᠷᠠᠯᠳᠤᠭᠤᠯᠤᠭᠰᠠᠨ ᠳᠤᠮᠳᠠᠳᠤ ᠤᠯᠤᠰ ᠤᠨ ᠮᠣᠩᠭᠤᠯ ᠰᠡᠳᠭᠦᠯ ᠰᠤᠳᠤᠯᠬᠤ ᠬᠤᠷᠠᠯ ᠤᠨ ᠭᠤᠷᠪᠠᠳᠤᠭᠠᠷ ᠬᠤᠭᠤᠴᠠᠭᠠᠨ ᠤ ᠳᠥᠷᠪᠡᠳᠦᠭᠡᠷ ᠤᠳᠠᠭᠠᠨ ᠤ ᠡᠭᠡᠯᠵᠢᠲᠦ ᠬᠤᠷᠠᠯ ᠳ᠋ᠤ᠌ ᠤᠷᠢᠭᠳᠠᠨ ᠣᠷᠤᠯᠴᠠᠵᠤ ᠲᠣᠭᠤᠷᠢᠨ ᠪᠠᠢᠴᠠᠭᠠᠪᠠ ᠃ 2014 ᠣᠨ ᠳ᠋ᠤ᠌ ᠯᠣ᠋ ᠰᠢᠶᠦ᠋ᠨ ᠤᠳᠭ᠎ᠠ ᠵᠣᠬᠢᠶᠠᠯ ᠤ᠋ᠨ ᠬᠦᠷᠢᠶᠡᠯᠡᠩ  ‍ᠣᠨ ᠪᠦᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠢᠳᠡᠷ ᠵᠠᠯᠠᠭᠤ ᠵᠣᠬᠢᠶᠠᠯᠴᠢᠳ ᠤ᠋ᠨ ᠠᠩᠭᠢ ‍ᠳ᠋ᠣ ᠰᠢᠯᠢᠳᠡᠭ ᠰᠤᠷᠤᠯᠭᠠᠲᠠᠨ ᠢ᠋ᠶ᠋ᠠᠷ ᠡᠯᠰᠡᠭᠳᠡᠨ ᠰᠤᠷᠤᠯᠴᠠᠪᠠ ᠃ 2013 ᠣᠨ ᠤ᠋ 6 ᠰᠠᠷ᠎ᠠ  ᠶᠢᠨ 24 ᠤ ᠡᠳᠦᠷ ᠬᠥᠯᠦᠨ ᠪᠤᠢᠷ ᠲᠤ᠌ ᠶᠠᠪᠤᠭᠳᠠᠭᠰᠠᠨ ᠳᠤᠮᠳᠠᠳᠤ ᠤᠯᠤᠰ ᠤᠨ ᠮᠣᠩᠭᠤᠯ ᠰᠡᠳᠭᠦᠯ ᠰᠤᠳᠤᠯᠬᠤ ᠬᠤᠷᠠᠯ ᠤᠨ 4 ‍ᠳ᠋ᠦᠭᠡᠷ ᠬᠤᠭᠤᠴᠠᠭᠠᠨ ᠤ 1 ‍ᠳ᠋ᠣᠭᠡᠷ ᠤᠳᠠᠭᠠᠨ ᠤ ᠬᠤᠷᠠᠯ ᠳᠡᠭᠡᠷ᠎ᠡ ᠣᠨᠴᠠᠭᠠᠢᠯᠠᠨ ᠨᠡᠷᠡᠢᠳᠴᠦ ᠂ ︿ ᠡᠷᠬᠢᠮ ᠲᠨ ᠮᠣᠩᠭᠤᠯ ᠰᠡᠳᠭᠦᠯ ᠦ᠋ᠨ ᠦᠢᠯᠡᠰ ᠦ᠋ᠨ ᠲᠥᠯᠦᠭᠡ ᠭᠠᠷᠮᠠᠭᠠᠢᠯᠠᠨ ᠬᠥᠳᠡᠯᠮᠦᠷᠢᠯᠡᠭᠡᠳ ᠢᠯᠡᠳᠲᠡ ᠠᠮᠵᠢᠯᠲᠠ ᠣᠯᠣᠭᠰᠠᠨ ᠲᠤᠯᠠ ︽ ᠪᠦᠬᠦ ᠤᠯᠤᠰ ᠤᠨ ᠰᠢᠯᠢᠳᠡᠭ ᠨᠠᠢᠷᠠᠭᠤᠯᠤᠭᠴᠢ ︾  ᠶᠢᠨ ᠢᠷᠠᠭᠤ ᠠᠯᠳᠠᠷ ᠢᠶᠠᠷ ᠡᠩᠭᠡᠷ  ᠢ᠋ᠶ᠋ᠡᠨ ᠮᠢᠯᠢᠶᠠᠯᠭᠠᠨ ᠴᠣᠯᠠᠯᠠᠭᠳᠠᠵᠤ ᠂ ᠬᠥᠬᠢᠭᠦᠯᠦᠨ ᠱᠠᠩᠨᠠᠭᠳᠠᠪᠠ ﹀ ᠃ 2009 ᠣᠨ ᠳ᠋ᠤ᠌ ᠬᠡᠪᠯᠡᠭᠳᠡᠭᠰᠡᠨ ︽ ᠳᠡᠭᠡᠳᠦ ᠮᠣᠩᠭᠤᠯ ᠤ᠋ᠨ ᠣᠳᠣ ᠦᠶ᠎ᠡ  ᠶᠢᠨ ᠤᠷᠠᠨ ᠵᠣᠬᠢᠶᠠᠯ ᠤ᠋ᠨ ᠰᠣᠩᠭᠤᠮᠠᠯ ︾ ᠬᠡᠮᠡᠬᠦ ᠨᠣᠮ ᠤ᠋ᠨ ᠳᠡᠳ᠋ ᠶᠡᠷᠦᠩᠬᠡᠢ ᠨᠠᠢᠷᠠᠭᠤᠯᠤᠭᠴᠢ ᠪᠠᠷ ᠠᠵᠢᠯᠯᠠᠪᠠ ᠃ 2011 ᠣᠨ ᠤ᠋ 9 ᠰᠠᠷ᠎ᠠ ᠳ᠋ᠤ᠌ ︽ ᠨᠡᠭᠦᠳᠡᠯ ᠦ᠋ᠨ ᠲᠣᠷᠭᠠᠨ ᠨᠠᠮᠤᠷ ︾ ᠬᠡᠮᠡᠬᠦ ᠢᠷᠠᠭᠤ ᠨᠠᠢᠷᠠᠭ ᠤ᠋ᠨ ᠲᠡᠭᠦᠪᠦᠷᠢ ‍ᠪᠡᠨ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠠ᠋ᠴᠠ ᠬᠡᠪᠯᠡᠭᠦᠯᠦᠨ ᠲᠠᠷᠬᠠᠭᠠᠪᠠ ᠃ ᠲᠤᠰ ᠢᠷᠠᠭᠤ ᠨᠠᠢᠷᠠᠭ ᠤ᠋ᠨ ᠲᠡᠭᠦᠪᠦᠷᠢ ᠨᠢ 2012 ᠣᠨ ᠳ᠋ᠤ᠌ ᠪᠡᠭᠡᠵᠢᠩ ᠦ᠋ᠨ ᠣᠳᠣ ᠦᠶ᠎ᠡ  ᠶᠢᠨ ᠰᠤᠷᠭᠠᠨ ᠬᠥᠮᠦᠵᠢᠯ ᠦ᠋ᠨ ᠰᠣᠶᠤᠯ ᠤ᠋ᠨ ᠰᠣᠯᠢᠯᠴᠠᠭᠠᠨ ᠤ᠋ ᠰᠢᠯᠢᠳᠡᠭ ᠨᠣᠮ ᠤ᠋ᠨ ᠱᠠᠩᠨᠠᠯ ᠢ ᠲᠤᠰᠪᠠ ᠃ 2013 ᠣᠨ ᠳ᠋ᠤ᠌ ︽ ᠳᠡᠭᠡᠳᠦ ᠮᠣᠩᠭᠤᠯ ᠤ᠋ᠨ ᠤᠷᠠᠨ ᠵᠣᠬᠢᠶᠠᠯ ᠤ᠋ᠨ ᠴᠤᠪᠤᠷᠠᠯ ᠪᠢᠴᠢᠭ ︾ ᠬᠡᠮᠡᠬᠦ ᠨᠠᠢ᠍ᠮᠠᠨ ᠨᠣᠮ ᠤ᠋ᠨ ᠨᠠᠢᠷᠠᠭᠤᠯᠤᠭᠴᠢ ᠪᠠᠷ ᠠᠵᠢᠯᠯᠠᠵᠤ ᠂ ︽ ᠮᠥᠩᠬᠡ ᠠᠷᠴᠠ ︾ ︱ ᠳᠡᠭᠡᠳᠦ ᠮᠣᠩᠭᠤᠯ ᠤ᠋ᠨ ᠰᠢᠯᠢᠳᠡᠭ ᠰᠢᠯᠦᠭ ᠦ᠋ᠨ ᠲᠡᠭᠦᠪᠦᠷᠢ ᠶ᠋ᠢ ᠭᠣᠣᠯᠯᠠᠨ ᠨᠠᠢᠷᠠᠭᠤᠯᠪᠠ ᠃ ︽ ᠳᠡᠭᠡᠳᠦ ᠮᠣᠩᠭᠤᠯ ᠤ᠋ᠨ ᠢᠷᠠᠭᠤ ᠳᠠᠭᠤᠨ ︾ ᠂ ︽ ᠮᠥᠩᠬᠡ ᠠᠷᠴᠠ ︾ ᠂ ︽ ᠳᠡᠭᠡᠳᠦ ᠮᠣᠩᠭᠤᠯ ᠤ᠋ᠨ ᠣᠳᠣ ᠦᠶ᠎ᠡ  ᠶᠢᠨ ᠤᠷᠠᠨ ᠵᠣᠬᠢᠶᠠᠯ ᠤ᠋ᠨ ᠰᠣᠩᠭᠤᠮᠠᠯ ︾ ︽ ᠰᠣᠶᠤᠯ ᠢ᠋ᠶ᠋ᠠᠷ ᠭᠡᠭᠡᠷᠡᠭᠰᠡᠨ ᠴᠠᠢᠳᠠᠮ ︾ ᠭᠡᠬᠦ ᠨᠣᠮ ᠤ᠋ᠳ ᠲᠤ᠌ ᠰᠢᠯᠦᠭ ᠨᠠᠢᠷᠠᠭᠤᠯᠤᠯ ᠂ ᠥᠭᠦᠯᠡᠯᠭᠡ ᠨᠢ ᠰᠢᠯᠢᠭᠳᠡᠨ ᠨᠡᠢᠲᠡᠯᠡᠭᠳᠡᠪᠡ ᠃ 2011 ᠣᠨ ᠳ᠋ᠤ᠌ ᠪᠦᠬᠦ ᠵᠧᠦ ᠶ᠋ᠢᠨ ︽ ᠴᠠᠢᠳᠠᠮ ᠤ᠋ᠨ ᠬᠣᠲᠤᠭᠤᠷ ︾  ᠢ᠋ᠶ᠋ᠡᠨ ᠭᠠᠳᠠᠭᠰᠢ ᠤᠬᠠᠭᠤᠯᠬᠤ ᠰᠢᠯᠢᠳᠡᠭ ᠠᠵᠢᠯᠲᠠᠨ ᠢ᠋ᠶ᠋ᠠᠷ ᠰᠣᠩᠭᠤᠭᠳᠠᠪᠠ ᠃ 2012 ᠣᠨ ᠤ 6 ᠰᠠᠷ᠎ᠠ ᠳ᠋ᠤ᠌ ︽ ᠳᠤᠮᠳᠠᠳᠤ ᠤᠯᠤᠰ · ᠴᠠᠢᠳᠠᠮ ᠤ᠋ᠨ ᠮᠣᠩᠭᠤᠯ ᠬᠢᠲᠠᠳ ᠰᠦᠯᠵᠢᠶ᠎ᠡ ︾ ᠨᠡᠪᠲᠡᠷᠡᠭᠰᠡᠨ ᠨᠢᠭᠡ ᠵᠢᠯ ᠦ᠋ᠨ ᠤᠢ ᠳ᠋ᠤ᠌ ᠵᠣᠷᠢᠭᠤᠯᠤᠭᠰᠠᠨ ᠢᠵᠢᠯ ᠭᠠᠷᠴᠠᠭᠲᠤ ︽ ᠥᠨᠢᠷ ᠭᠠᠢᠬᠠᠮᠰᠢᠭᠲᠤ ᠴᠠᠢᠳᠠᠮ ︾ ᠬᠡᠮᠡᠬᠦ ᠨᠠᠢᠷᠠᠭᠤᠯᠤᠯ ᠨᠢ ᠤᠷᠠᠨ ᠵᠣᠬᠢᠶᠠᠯ ᠤ᠋ᠨ ᠤᠷᠤᠯᠳᠤᠭᠠᠨ ᠳ᠋ᠤ᠌ ᠬᠣᠶᠠᠳᠤᠭᠠᠷ ᠳᠡᠰ ᠦ᠋ᠨ ᠱᠠᠩᠨᠠᠯ  ᠢ ᠲᠤᠰᠪᠠ ᠃ 2009 ᠣᠨ ᠤ᠋ 6 ᠰᠠᠷ᠎ᠠ ᠳ᠋ᠤ᠌ ᠶᠠᠪᠤᠭᠳᠠᠭᠰᠠᠨ ︽ ᠺᠦᠨᠯᠦᠨ ᠬᠤᠨᠳᠠᠭᠠᠲᠤ ︾ ᠨᠡᠷᠡᠮᠵᠢᠲᠦ ᠤᠷᠠᠨ ᠵᠣᠬᠢᠶᠠᠯ ᠤ᠋ᠨ ᠤᠷᠤᠯᠳᠤᠭᠠᠨ ᠳ᠋ᠤ᠌ ︽ ᠡᠬᠡ ᠤᠯᠤᠰ ︱ ᠮᠢᠨᠤ ᠦᠨᠢᠳᠡ  ᠶᠢᠨ ᠳᠠᠭᠤᠯᠠᠯ ︾ ᠬᠡᠮᠡᠬᠦ ᠰᠢᠯᠦᠭ ᠨᠢ ᠤᠷᠠᠨ ᠵᠣᠬᠢᠶᠠᠯ ᠤ᠋ᠨ ᠰᠢᠯᠢᠳᠡᠭ ᠱᠠᠩᠨᠠᠯ  ᠢ ᠲᠤᠰᠪᠠ ᠃ 2013 ᠣᠨ ᠤ᠋ 6 ᠰᠠᠷ᠎ᠠ ᠳ᠋ᠤ᠌ ︽ ᠴᠠᠩᠬᠢᠷ ᠠᠭᠤᠯᠠ ︾ ᠬᠡᠮᠡᠬᠦ ᠪᠦᠲᠦᠭᠡᠯ ᠂ ᠵᠧᠦ ᠶ᠋ᠢᠨ ᠤᠳᠭ᠎ᠠ ᠤᠷᠠᠯᠢᠭ ᠤᠨ ᠬᠢᠨ ᠦ᠌ ᠬᠣᠯᠪᠤᠭ᠎ᠠ ᠪᠣᠯᠤᠨ ︽ ᠳᠡᠯᠡᠬᠡᠢ  ᠶᠢᠨ ᠮᠣᠩᠭᠤᠯ ᠠᠢᠯ ᠵᠤᠭ᠎ᠠ ᠴᠡᠩᠭᠡᠯ ᠦ᠋ᠨ ᠭᠠᠵᠠᠷ ︾  ᠠᠴᠠ ᠬᠠᠮᠲᠤᠷᠠᠨ ᠡᠷᠬᠢᠯᠡᠭᠰᠡᠨ ᠂ ᠠᠩᠬᠠᠳᠤᠭᠠᠷ ᠤᠳᠠᠭᠠᠨ ᠤ ︽ ᠴᠠᠭᠠᠨ ᠤᠰᠤᠨ ︾ ᠨᠡᠷᠡᠮᠵᠢᠲᠦ ᠪᠡᠯᠡᠨ ᠰᠢᠯᠦᠭ ᠦ᠋ᠨ ᠤᠷᠤᠯᠳᠤᠭᠠᠨ ᠳ᠋ᠤ᠌ ᠮᠠᠩᠯᠠᠢ ᠱᠠᠩᠨᠠᠯ ︵ ᠨᠢᠭᠡᠳᠦᠭᠡᠷ ᠳᠡᠰ ︶ ᠲᠤᠰᠪᠠ ᠃ 2008 ᠣᠨ ᠳ᠋ᠤ᠌ ᠵᠧᠦ ᠶ᠋ᠢᠨ ᠬᠠᠮᠤᠭ ᠤᠨ ᠰᠠᠢᠬᠠᠨ ︽ ᠪᠣᠯᠪᠠᠰᠤᠨ ᠡᠷᠦᠬᠡ ︾ ᠪᠠᠷ ᠬᠥᠬᠢᠭᠦᠯᠦᠭᠳᠡᠪᠡ ᠃ 2012 ᠣᠨ ᠳ᠋ᠤ᠌ ᠵᠧᠦ ᠶ᠋ᠢᠨ ︽ 3.8 ᠤᠯᠠᠭᠠᠨ ᠲᠤᠭᠴᠢ ︾ ᠪᠠᠷ ᠬᠥᠬᠢᠭᠦᠯᠦᠭᠳᠡᠪᠡ ᠃ 2014 ᠣᠨ ᠂ 2015 ᠣᠨ ᠂ 2016 ᠣᠨ ᠳ᠋ᠤ᠌ ᠭᠤᠷᠪᠠᠨ ᠵᠢᠯ ᠳᠠᠷᠠᠭᠠᠯᠠᠨ ᠪᠦᠬᠦ ᠵᠧᠦ ᠶ᠋ᠢᠨ ᠲᠡᠷᠢᠭᠦᠨ ᠦ ᠰᠢᠯᠢᠳᠡᠭ ᠠᠵᠢᠯᠲᠠᠨ ᠢ᠋ᠶ᠋ᠠᠷ ᠰᠣᠩᠭᠤᠭᠳᠠᠪᠠ ᠃ 2018ᠣᠨ ᠤ 8 ᠰᠠᠷ᠎ᠠ ᠶᠢᠨ 3 ᠳ᠋ᠦ ᠬᠥᠬᠡᠨᠠᠭᠤᠷ ᠲᠤ᠌ ᠶᠠᠪᠤᠭᠳᠠᠭᠰᠠᠨ ᠳᠤᠮᠳᠠᠳᠤ ᠤᠯᠤᠰ ᠤᠨ ᠮᠣᠩᠭᠤᠯ ᠰᠡᠳᠭᠦᠯ ᠦ᠋ᠨ ᠰᠤᠳᠤᠯᠭᠠᠨ ᠤ᠋ ᠬᠤᠷᠠᠯ ᠳᠡᠭᠡᠷ᠎ᠡ ᠪᠦᠬᠦ ᠤᠯᠤᠰ ᠤᠨ ︽ ᠭᠠᠪᠢᠶᠠᠲᠤ ᠨᠠᠢᠷᠠᠭᠤᠯᠤᠭᠴᠢ ︾ ᠶᠢᠨ ᠢᠷᠠᠭᠤ ᠠᠯᠳᠠᠷ ᠢᠶᠠᠷ ᠡᠩᠭᠡᠷ ᠢ᠋ᠶ᠋ᠡᠨ ᠮᠢᠯᠢᠶᠠᠯᠭᠠᠨ ᠬᠥᠬᠢᠭᠦᠯᠦᠭᠳᠡᠪᠡ ᠃ 2017 ᠣᠨ ᠤ 10 ᠰᠠᠷ᠎ᠠ ᠳ᠋ᠤ᠌ ︽ ᠠᠷᠴᠠ ︾ ᠬᠡᠮᠡᠬᠦ ᠨᠠᠢᠷᠠᠭᠤᠯᠤᠯ ᠤ᠋ᠨ ᠲᠡᠭᠦᠪᠦᠷᠢ  ‍ᠪᠠᠨ ᠥᠪᠦᠷ ᠮᠣᠩᠭᠤᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦᠨ ᠬᠣᠷᠢᠶ᠎ᠠ  ᠠᠴᠠ ᠬᠡᠪᠯᠡᠭᠦᠯᠦᠨ ᠲᠠᠷᠬᠠᠭᠠᠪᠠ ᠃ ᠲᠡᠷᠡ ᠤᠷᠢᠳ ᠬᠣᠵᠢᠳ ᠤᠯᠤᠰ ᠤᠨ ᠳᠣᠲᠤᠭᠠᠳᠤ ᠭᠠᠳᠠᠭᠠᠳᠤ  ᠶᠢᠨ ᠨᠡᠷᠡᠲᠦ ᠰᠣᠨᠢᠨ ᠰᠡᠳᠭᠦᠯ ᠪᠣᠯᠬᠤ ︽ ᠦᠦᠷ ᠦ᠋ᠨ ᠴᠣᠯᠮᠤᠨ ︾ ︽ ᠬᠡᠯᠡ ᠪᠠ ᠣᠷᠴᠢᠭᠤᠯᠭ᠎ᠠ ︾ ︽ ᠰᠢᠨᠵᠢᠶᠠᠩ ᠤᠨ ᠡᠳᠦᠷ ᠦ᠋ᠨ ᠰᠣᠨᠢᠨ ︾ ︽ ᠪᠠᠶᠠᠨᠭᠣᠣᠯ ︾ ︽ ᠥᠪᠦᠷ ᠮᠣᠩᠭᠤᠯ  ‍ᠣᠨ ᠡᠮᠡᠭᠲᠡᠢᠴᠦᠳ ︾ ︽ ᠠᠯᠳᠠᠨ ᠲᠦᠯᠬᠢᠭᠦᠷ ︾ ︽ ᠲᠣᠷᠭᠠᠨ ᠵᠢᠯᠤᠭᠤ ︾ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ︽ ᠬᠤᠨ ᠭᠠᠯᠠᠭᠤ ︾ ︽ ᠥᠨᠢᠷ ᠴᠡᠴᠡᠭ ︾ ᠵᠡᠷᠭᠡ ᠰᠣᠨᠢᠨ ᠰᠡᠳᠭᠦᠯ ᠪᠣᠯᠤᠨ ᠰᠦᠯᠵᠢᠶᠡᠨ ᠳ᠋ᠦ᠍ ᠥᠪᠡᠷ ᠦ᠋ᠨ ᠤᠷᠠᠨ ᠵᠣᠬᠢᠶᠠᠯ ᠢ᠋ᠶ᠋ᠠᠨ ᠨᠡᠢᠲᠡᠯᠡᠭᠦᠯᠦᠭᠰᠡᠭᠡᠷ ᠢᠷᠡᠭᠰᠡᠨ ᠪᠥᠭᠡᠳ ᠤᠯᠤᠰ ᠂ ᠮᠤᠵᠢ ᠂ ᠵᠧᠦ ᠶ᠋ᠢᠨ ᠳᠡᠰ ᠦ᠋ᠨ ᠱᠠᠩᠨᠠᠯ ᠬᠥᠬᠢᠭᠦᠯᠦᠯ ᠢ᠋ ᠬᠦᠷᠲᠡᠭᠰᠡᠭᠡᠷ ᠢᠷᠡᠵᠡᠢ ᠃ ᠲᠡᠷᠡ ᠡᠳᠦᠭᠡ ᠂ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠬᠥᠬᠡᠨᠠᠭᠤᠷ ᠮᠤᠵᠢ ᠪᠠ ᠬᠠᠢᠰᠢ ᠵᠧᠦ ᠶ᠋ᠢᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠬᠠᠢᠰᠢ ᠵᠧᠦ ᠶ᠋ᠢᠨ ᠳᠠᠭᠤᠤ ᠤᠷᠠᠯᠢᠭ ᠤᠨ ᠨᠡᠢᠭᠡᠮᠯᠢᠭ ᠦ᠋ᠨ ᠭᠡᠰᠢᠭᠦᠨ ᠂ ᠬᠥᠬᠡᠨᠠᠭᠤᠷ ᠤ᠋ᠨ ᠮᠣᠩᠭᠤᠯ ᠰᠤᠳᠤᠯᠭᠠᠨ ᠤ ᠨᠡᠢᠭᠡᠮᠯᠢᠭ ᠦ᠋ᠨ ᠭᠡᠰᠢᠭᠦᠨ ᠂ ᠳᠡᠭᠡᠳᠦ ᠮᠣᠩᠭᠤᠯ ᠢᠰᠢᠪᠠᠯᠵᠤᠤᠷ ᠤᠨ ᠰᠤᠳᠤᠯᠭᠠᠨ ᠤ ᠨᠡᠢᠭᠡᠮᠯᠢᠭ ᠦ᠋ᠨ ᠭᠡᠰᠢᠭᠦᠨ ᠂ ᠳᠡᠭᠡᠳᠦ ᠮᠣᠩᠭᠤᠯ ᠤ᠋ᠨ ︽ ᠮᠥᠩᠬᠡ ᠭᠠᠯ ︾ ᠰᠡᠳᠭᠦᠯ ᠦ᠋ᠨ ᠣᠨᠴᠠ ᠤᠷᠢᠭᠰᠠᠨ ᠨᠠᠢᠷᠠᠭᠤᠯᠤᠭᠴᠢ ᠂ ︽ ᠴᠡᠴᠡᠭᠲᠦ ᠴᠠᠢᠳᠠᠮ ︾ ᠰᠡᠳᠭᠦᠯ ᠦ᠋ᠨ ᠳᠡᠳ᠋ ᠶᠡᠷᠦᠩᠬᠡᠢ ᠨᠠᠢᠷᠠᠭᠤᠯᠤᠭᠴᠢ ᠵᠡᠷᠭᠡ ᠠᠵᠢᠯ ᠤᠨ ᠡᠭᠦᠷᠭᠡ ᠲᠤᠰᠢᠶᠠᠯ  ᠢ ᠬᠠᠷᠢᠭᠤᠴᠠᠵᠤ ᠪᠤᠢ ᠃