ᠨᠡᠷ᠎ᠡ:
ᠬᠢ ᠂ ᠮᠥᠩᠬᠡᠪᠠᠶᠠᠷ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠬᠢ ᠂ ᠮᠥᠩᠬᠡᠪᠠᠶᠠᠷ 1965 ᠣᠨ ᠣ2 ᠰᠠᠷ᠎ᠠ ᠶᠢᠨ 16 ᠤ ᠡᠳᠦᠷ ᠂ ᠬᠥᠬᠡᠨᠠᠭᠤᠷ ᠮᠤᠵᠢ ᠶᠢᠨ ᠬᠠᠢᠰᠢ ᠶ᠋ᠢᠨ ᠮᠣᠩᠭᠤᠯ ᠲᠥᠪᠡᠳ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠶ᠋ᠢᠨ ᠤᠯᠠᠭᠠᠨ ᠰᠢᠶᠠᠨ ᠤ᠋ ᠬᠦᠬᠡᠳ ᠪᠠᠯᠭᠠᠰᠤᠨ ᠤ᠋ ᠵᠡᠭᠦᠨ ᠭᠦᠭᠡᠳ ᠲᠣᠰᠭᠤᠨ ︵ ᠬᠠᠭᠤᠴᠢᠨ ᠤ ᠭᠦᠭᠡᠳ ᠬᠣᠰᠢᠭᠤᠨ ᠤ᠋ ᠵᠡᠭᠦᠨ ᠭᠦᠭᠡᠳ ᠲᠣᠬᠤᠢ ︶ ᠦ ᠡᠪᠦᠯᠵᠢᠩ ᠭᠦᠭᠡᠭᠦᠳᠡᠯ ᠭᠡᠳᠡᠭ ᠭᠠᠵᠠᠷ ᠮᠠᠯᠴᠢᠨ ᠬᠢᠯᠴᠢ ᠶᠢᠨ ᠤᠤᠭᠠᠨ ᠬᠦᠦ ᠪᠣᠯᠵᠤ ᠵᠠᠶᠠᠭᠠᠵᠠᠢ ᠃ 1973 ︱1978 ᠣᠨ ᠪᠣᠯᠲᠠᠯ᠎ᠠ ᠤᠯᠠᠭᠠᠨ ᠰᠢᠶᠠᠨ ᠤ᠋ ᠰᠡᠷᠬᠡ ᠰᠤᠮᠤᠨ ᠤ᠋ ᠨᠠᠮᠤᠬᠠ ᠶ᠋ᠢᠨ ᠮᠣᠩᠭᠤᠯ ᠪᠠᠭ᠎ᠠ ᠰᠤᠷᠭᠠᠭᠤᠯᠢ ᠳ᠋ᠤ᠌ ᠪᠢᠴᠢᠭ ᠦᠵᠡᠵᠦ ᠂ 1978 ︱1983 ᠣᠨ ᠪᠣᠯᠲᠠᠯ᠎ᠠ ᠤᠯᠠᠭᠠᠨ ᠰᠢᠶᠠᠨ ᠤ᠋ ᠦᠨᠳᠦᠰᠦᠲᠡᠨ ᠦ᠌ ᠳᠤᠮᠳᠠᠳᠤ ᠰᠤᠷᠭᠠᠭᠤᠯᠢ ᠶᠢᠨ ᠠᠩᠬ᠎ᠠ ᠳᠤᠮᠳᠠᠳᠤ ᠂ ᠥᠨᠳᠦᠷ ᠳᠤᠮᠳᠠᠳᠤ ᠶ᠋ᠢᠨ ᠠᠩᠭᠢ ᠳ᠋ᠤ᠌ ᠰᠤᠷᠤᠯᠴᠠᠵᠤ ᠂1983 ᠣᠨ ᠳ᠋ᠤ᠌ ᠪᠠᠷᠠᠭᠤᠨ ᠬᠣᠢᠲᠤ ᠶ᠋ᠢᠨ ᠦᠨᠳᠦᠰᠦᠲᠡᠨ ᠦ᠌ ᠳᠡᠭᠡᠳᠦ ᠰᠤᠷᠭᠠᠭᠤᠯᠢ ᠶᠢᠨ ᠮᠣᠩᠭᠤᠯ ᠬᠡᠯᠡ ᠤᠳᠭ᠎ᠠ ᠵᠣᠬᠢᠶᠠᠯ ᠤ᠋ᠨ ᠰᠠᠯᠪᠤᠷᠢ ᠳ᠋ᠤ᠌ ᠰᠢᠯᠭᠠᠭᠳᠠᠨ ᠣᠷᠤᠵᠤ ᠂1987 ᠣᠨ ᠳ᠋ᠤ᠌ ᠰᠢᠯᠢᠳᠡᠭ ᠪᠦᠲᠦᠮᠵᠢ ᠪᠡᠷ ᠣᠶᠤᠲᠠᠨ ᠤ᠋ ᠴᠣᠯᠠ ᠪᠠᠨ ᠬᠠᠮᠠᠭᠠᠯᠠᠵᠤ ᠲᠡᠭᠦᠰᠦᠭᠡᠳ ᠬᠠᠢᠰᠢ ᠵᠧᠦ ᠶ᠋ᠢᠨ ᠴᠡᠢᠳᠡᠮ ᠦ᠋ᠨ ᠰᠣᠨᠢᠨ ᠤ᠋ ᠬᠣᠷᠢᠶ᠎ᠠ ᠳ᠋ᠤ᠌ ᠠᠵᠢᠯ ᠬᠤᠪᠢᠶᠠᠭᠳᠠᠨ᠂ ︽ ᠴᠡᠢᠳᠡᠮ ᠦ᠋ᠨ ᠰᠣᠨᠢᠨ ︾ ︵ ᠮᠣᠩᠭᠤᠯ ᠬᠡᠪᠯᠡᠯ︶ ᠤ ᠡᠭᠦᠰᠭᠡᠨ ᠪᠠᠢᠭᠤᠯᠤᠭᠴᠢ ᠶ᠋ᠢᠨ ᠨᠢᠭᠡ ᠨᠢ ᠪᠣᠯᠵᠤ ᠂ ᠨᠠᠢᠷᠠᠭᠤᠯᠤᠭᠴᠢ ᠂ ᠰᠤᠷᠪᠤᠯᠵᠢᠯᠠᠭᠴᠢ ᠂ ᠣᠷᠴᠢᠭᠤᠯᠤᠭᠴᠢ ᠶᠢᠨ ᠠᠵᠢᠯ ᠢ ᠬᠢᠵᠦ ᠢᠷᠡᠪᠡ ᠃ ᠣᠳᠣ ᠂ ᠴᠡᠢᠳᠡᠮ ᠦ᠋ᠨ ᠡᠳᠦᠷ ᠤᠨ ᠰᠣᠨᠢᠨ ᠤ ᠬᠣᠷᠢᠶᠠᠨ ᠤ᠋ ᠳᠡᠳ᠋ ᠶᠡᠷᠦᠩᠬᠡᠢ ᠨᠠᠢᠷᠠᠭᠤᠯᠤᠭᠴᠢ ᠶᠢᠨ ᠲᠤᠰᠢᠶᠠᠯ ᠲᠡᠢ ᠪᠥᠭᠡᠳ ᠳᠡᠭᠡᠳᠦ ᠲᠡᠰ ᠣᠨ ᠰᠤᠷᠪᠤᠯᠵᠢᠯᠠᠭᠴᠢ ᠶᠢᠨ ᠮᠡᠷᠭᠡᠵᠢᠯ ᠦ᠋ᠨ ᠴᠣᠯᠠ ᠲᠡᠢ ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠂ ᠪᠠᠰᠠ ᠬᠥᠬᠡᠨᠠᠭᠤᠷ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠬᠥᠬᠡᠨᠠᠭᠤᠷ ᠤ᠋ᠨ ᠮᠣᠩᠭᠤᠯ ᠰᠤᠳᠤᠯᠭᠠᠨ ᠤ᠋ ᠨᠡᠢᠭᠡᠮᠯᠢᠭ ᠦ᠋ᠨ ᠭᠡᠰᠢᠭᠦᠨ ᠂ ᠬᠥᠬᠡᠨᠠᠭᠤᠷ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶᠢᠨ ᠮᠣᠩᠭᠤᠯ ᠰᠣᠶᠤᠯ ᠣᠨ ᠰᠤᠳᠤᠯᠭᠠᠠ ᠤ ᠲᠥᠪ ᠦ᠋ᠨ ᠣᠨᠴᠠ ᠤᠷᠢᠭᠰᠠᠨ ᠰᠤᠳᠤᠯᠤᠭᠴᠢ ᠂ ᠳᠡᠭᠡᠳᠦ ᠮᠣᠩᠭᠤᠯ ᠤ᠋ᠨ ᠢᠰᠢᠪᠠᠯᠵᠤᠤᠷ ᠣᠨ ᠰᠤᠳᠤᠯᠭᠠᠠ ᠤ ᠨᠡᠢᠭᠡᠮᠯᠢᠭ ᠦ᠋ᠨ ᠬᠡᠷᠡᠭ ᠡᠷᠬᠢᠯᠡᠭᠴᠢ ᠂ ᠬᠠᠢᠰᠢ ᠵᠧᠦ ᠶ᠋ᠢᠨ ᠰᠣᠨᠢᠨ ᠮᠡᠳᠡᠭᠡᠨ ᠦ᠌ ᠨᠡᠢᠭᠡᠮᠯᠢᠭ ᠦ᠋ᠨ ᠬᠡᠷᠡᠭ ᠡᠷᠬᠢᠯᠡᠭᠴᠢ ᠵᠡᠷᠭᠡ ᠨᠡᠢᠭᠡᠮ ᠨᠡᠢᠲᠡ ᠶ᠋ᠢᠨ ᠲᠤᠰᠢᠶᠠᠯ ᠢ᠋ ᠡᠭᠦᠷᠭᠡᠯᠡᠵᠦ ᠪᠤᠢ ᠃ ᠬᠢ ᠂ ᠮᠥᠩᠬᠡᠪᠠᠶᠠᠷ ᠭᠤᠴᠢᠭᠠᠳ ᠵᠢᠯ ᠰᠣᠨᠢᠨ ᠮᠡᠳᠡᠭᠡᠨ ᠦ᠌ ᠦᠢᠯᠡᠰ ᠲᠡᠢ ᠨᠥᠬᠦᠷᠯᠡᠵᠦ ᠂ ᠥᠪᠡᠷ ᠦ᠋ᠨ ᠵᠠᠯᠠᠭᠤ ᠨᠠᠰᠤ ᠂ ᠢᠳᠡᠷ ᠨᠠᠰᠤ ᠪᠠᠨ ᠳᠡᠭᠡᠳᠦ ᠮᠣᠩᠭᠤᠯ ᠤ᠋ᠨ ᠴᠤᠷ ᠤᠨ ᠭᠠᠭᠴᠠ ᠮᠣᠩᠭᠤᠯ ᠰᠣᠨᠢᠨ — ︽ ᠴᠡᠢᠳᠡᠮ ᠦ᠋ᠨ ᠰᠣᠨᠢᠨ ︾ ᠲᠡᠢ ᠪᠠᠨ ᠬᠠᠮᠲᠤ ᠲᠤᠭᠤᠯᠵᠤ ᠂ ᠳᠡᠯᠡᠬᠡᠢ ᠶ᠋ᠢᠨ ᠮᠣᠩᠭᠤᠯᠴᠤᠳ ᠲᠠᠭᠠᠨ ᠳᠡᠭᠡᠳᠦ ᠮᠣᠩᠭᠤᠯ ᠢ᠋ᠶ᠋ᠠᠨ ᠲᠠᠨᠢᠯᠴᠠᠭᠤᠯᠤᠨ ᠤᠬᠠᠭᠤᠯᠬᠤ ᠳ᠋ᠤ᠌ ᠥᠪᠡᠷ ᠤᠨ ᠣᠶᠤᠨ ᠤᠬᠠᠭᠠᠨ ᠂ ᠬᠦᠴᠦᠨ ᠴᠢᠳᠠᠯ ᠢ᠋ᠶ᠋ᠠᠨ ᠡᠷᠭᠦᠵᠡᠢ ᠃ ᠴᠡᠢᠳᠡᠮ ᠦ᠋ᠨ ᠰᠣᠨᠢᠨ ᠤ᠋ ᠭᠤᠷᠪᠠᠨ ᠦᠰᠦᠷᠦᠯᠲᠡ ᠶ᠋ᠢᠨ ᠬᠥᠭᠵᠢᠯᠲᠡ ᠶᠢ ᠪᠡᠶ᠎ᠡ ᠪᠡᠷ ᠢ᠋ᠶ᠋ᠡᠨ ᠲᠤᠭᠤᠯᠵᠤ ᠶᠠᠪᠤᠬᠤ ᠳ᠋ᠠᠭᠠᠨ ᠠᠩᠬᠠᠨ ᠤ᠋ ᠬᠣᠷᠭᠤᠯᠵᠢᠨ ᠪᠡᠷ ᠡᠴᠡ ᠯᠠᠢᠰᠧᠷ ᠪᠡᠷ ᠵᠦᠩ ᠰᠢᠯᠵᠢᠭᠰᠡᠨ ᠱᠠᠲᠤ ᠂ ᠬᠠᠭᠤᠴᠢᠨ ᠲᠣᠭᠤᠰᠭᠠᠨ ᠠᠯᠪᠠᠨ ᠭᠡᠷ ᠠᠴᠠ ᠰᠢᠨ᠎ᠡ ᠠᠯᠪᠠᠨ ᠠᠰᠠᠷ ᠲᠤ᠌ ᠨᠡᠭᠦᠭᠰᠡᠨ ᠱᠠᠲᠤ ᠂ ᠭᠠᠷᠠᠭ ᠤ᠋ᠨ ᠰᠣᠨᠢᠨ ᠪᠠᠢᠭᠰᠠᠨ ᠠ᠋ᠴᠠ ᠪᠠᠨᠭᠠᠷᠠᠬ ᠤᠨ ᠬᠣᠶᠠᠷ ᠬᠡᠪᠯᠡᠯ ᠪᠣᠯᠤᠭᠰᠠᠨ ᠱᠠᠲᠤ ᠶ᠋ᠢ ᠥᠩᠭᠡᠷᠡᠭᠡᠵᠦ ᠂ ᠤᠷᠢᠳ ᠬᠣᠵᠢᠳ ︽ ᠴᠡᠢᠳᠡᠮ ᠦ᠋ᠨ ᠠᠮᠢᠳᠤᠷᠠᠯ ᠭᠠᠷᠠᠭ ᠤᠨ ᠰᠣᠨᠢᠨ ︾ ᠂ ︽ᠴᠡᠢᠳᠡᠮ ᠦ᠋ᠨ ᠰᠠᠷ᠎ᠠ ᠶ᠋ᠢᠨ ᠰᠡᠭᠦᠯᠴᠢ ᠰᠣᠶᠤᠯ ᠰᠣᠨᠢᠨ ︾ ᠵᠡᠷᠭᠡ ᠰᠢᠨ᠎ᠡ ᠦᠵᠡᠮᠦᠷᠢ ᠲᠡᠢ ᠂ ᠪᠠᠶᠠᠯᠢᠭ ᠠᠭᠤᠯᠭ᠎ᠠ ᠲᠡᠢ ᠤᠩᠰᠢᠭᠴᠢᠳ ᠲᠠᠭᠠᠨ ᠣᠢᠷᠠᠲᠤᠭᠰᠠᠨ ᠂ ᠠᠮᠢᠳᠤᠷᠠᠯ ᠳ᠋ᠤ᠌ ᠣᠢᠷᠠᠲᠤᠭᠰᠠᠨ ᠂ ᠰᠣᠶᠤᠯ ᠳ᠋ᠤ᠌ ᠣᠢᠷᠠᠲᠤᠭᠰᠠᠨ ᠰᠣᠨᠢᠨ ᠢ᠋ ᠤᠬᠠᠭᠠᠯᠠᠨ ᠰᠡᠳᠦᠵᠦ ᠡᠷᠬᠢᠯᠡᠭᠰᠡᠨ ᠪᠡ ᠤᠤᠯ ᠤᠨ ᠳᠥᠷᠪᠡᠨ ᠵᠦᠰᠦᠮ ᠦ᠋ᠨ ᠳᠥᠷᠪᠡᠨ ᠨᠢᠭᠤᠷ ᠤᠨ ᠰᠣᠨᠢᠨ ᠢ᠋ᠶ᠋ᠠᠨ ᠲᠣᠮᠤ ᠪᠤᠳᠤᠭᠲᠤ ᠰᠣᠨᠢᠨ ᠪᠣᠯᠭᠠᠵᠤ ᠥᠭᠡᠷᠡᠴᠢᠯᠡᠭᠰᠡᠨ ᠢ᠋ᠶ᠋ᠡᠷ ᠡᠭᠦᠨ ᠦ᠌ ᠳᠣᠲᠤᠷ᠎ᠠ ︽ ᠳᠡᠭᠡᠳᠦ ᠮᠣᠩᠭᠤᠯ ᠤ᠋ᠨ ᠰᠣᠶᠤᠯ ︾ ᠵᠡᠷᠭᠡ ᠪᠤᠯᠤᠩ ᠤᠳ ᠨᠢ ᠪᠦᠬᠦ ᠤᠯᠤᠰ ᠤᠨ ᠰᠣᠨᠢᠨ ᠮᠡᠳᠡᠭᠡᠨ ᠦ᠌ ᠱᠠᠩᠨᠠᠯ ᠣᠯᠵᠤ ᠂ ︽ ᠨᠡᠷᠡᠲᠦ ᠪᠤᠯᠤᠩ ︾ ᠢᠶᠠᠷ ᠰᠤᠡᠭᠭᠤᠬᠳᠠᠠ ᠂ ᠰᠣᠨᠢᠨ ᠤ᠋ ᠵᠡᠬᠢᠶᠡᠯᠡᠯᠳᠠ ᠶᠢᠨ ᠲᠣᠭ᠎ᠠ ᠵᠢᠯ ᠡᠴᠡ ᠵᠢᠯ ᠨᠡᠮᠡᠭᠳᠡ ᠂ ᠳᠡᠭᠡᠳᠦ ᠮᠣᠩᠭᠤᠯ ᠤ᠋ᠨ ᠬᠥᠮᠦᠨ ᠠᠮᠠ ᠶᠢᠨ ᠨᠣᠭᠳᠠᠯ ᠢ᠋ᠶ᠋ᠠᠷ 20 ᠬᠥᠮᠦᠨ ᠦ᠌ ᠳᠤᠮᠳᠠ ᠨᠢᠭᠡ ᠬᠤᠪᠢ ᠰᠣᠨᠢᠨ ᠵᠠᠬᠢᠶᠠᠯᠠᠭᠳᠠᠵᠤ ᠂ ᠪᠦᠬᠦ ᠤᠯᠤᠰ ᠤᠨ ᠮᠣᠩᠭᠤᠯ ᠰᠣᠨᠢᠨ ᠨᠤᠭᠤᠳ ᠤ᠋ᠨ ᠳᠣᠲᠤᠷ᠎ᠠ ᠪᠠᠨ ᠣᠷᠤᠢᠯᠠᠵᠤ ᠪᠠᠢᠨ᠎ᠠ ᠃ ᠪᠠᠰᠠ ᠳᠡᠭᠡᠳᠦ ᠮᠣᠩᠭᠤᠯ ᠤ᠋ᠨ ᠴᠡᠢᠳᠡᠮ ᠦ᠋ᠨ ᠮᠠᠯᠴᠢᠳ ᠤ᠋ᠨ ︽ ᠮᠥᠩᠬᠡ ᠭᠠᠯ ︾ ᠰᠣᠶᠤᠯ ᠤ᠋ᠨ ᠨᠠᠢᠷ ᠢ᠋ ᠠᠩᠬ᠎ᠠ ᠵᠣᠬᠢᠶᠠᠨ ᠪᠠᠢᠭᠤᠯᠤᠨ ᠥᠷᠨᠢᠭᠦᠯᠦᠭᠰᠡᠨ ᠪᠦᠷᠢᠯᠳᠦᠬᠦᠨ ᠭᠡᠰᠢᠭᠦᠨ ᠦ᠌ ᠬᠤᠪᠢ ᠪᠡᠷ ᠂ ︽ ᠮᠥᠩᠬᠡ ᠭᠠᠯ ︾ ᠰᠣᠶᠤᠯ ᠤ᠋ᠨ ᠨᠠᠢᠷ ᠨᠢ ᠠᠩᠬ᠎ᠠ ᠡᠬᠢᠯᠡᠨ ᠨᠢᠭᠡ ᠰᠤᠮᠤ ᠪᠠᠯᠭᠠᠰᠤᠨ ᠤ᠋ ᠬᠡᠪᠴᠢᠶᠡᠨ ᠳ᠋ᠦ᠍ ᠶᠠᠪᠤᠭᠳᠠᠳᠠᠭ ᠪᠠᠢᠭᠰᠠᠨ ᠠ᠋ᠴᠠ ᠪᠠᠨ ᠣᠳᠣ ᠪᠦᠬᠦ ᠵᠧᠦ ᠶ᠋ᠢᠨ ᠬᠡᠪᠴᠢᠶ᠎ᠡ ᠂ ᠴᠢᠨᠠᠭᠰᠢᠯᠠᠪᠠᠯ ᠪᠦᠬᠦ ᠤᠯᠤᠰ ᠤᠨ ᠨᠠᠢ᠍ᠮᠠ ᠮᠤᠵᠢ ᠣᠷᠤᠨ ᠤ᠋ ᠬᠡᠪᠴᠢᠶ᠎ᠡ ᠶ᠋ᠢ ᠬᠠᠮᠤᠷᠤᠭᠰᠠᠨ ᠪᠠᠢᠨ᠎ᠠ ᠃ ᠲᠡᠭᠦᠨ ᠦ᠌ ᠰᠤᠷᠪᠤᠯᠵᠢᠯᠠᠨ ᠪᠢᠴᠢᠭᠰᠡᠨ ᠡᠭᠡ ᠪᠢᠴᠢᠭ ᠤᠳ ᠨᠢ ︽ ᠳᠤᠮᠳᠠᠳᠤ ᠶ᠋ᠢᠨ ᠦᠨᠳᠦᠰᠦᠲᠡᠨ ︾ ᠂ ︽ ᠲᠥᠪ ᠦ᠋ᠨ ᠠᠷᠠᠳ ᠤ᠋ᠨ ᠷᠡᠳᠢᠤ ᠨᠡᠪᠲᠡᠷᠡᠭᠦᠯᠭᠡ ᠶ᠋ᠢᠨ ᠬᠣᠷᠢᠶ᠎ᠠ ︾ ᠂ ︽ ᠲᠥᠪ ᠲᠧᠯᠸᠢᠰ ᠦ᠋ᠨ ᠮᠣᠩᠭᠤᠯ ᠰᠦᠯᠵᠢᠶ᠎ᠡ ︾ ᠂ ︽ ᠠᠷᠠᠳ ᠤ᠋ᠨ ᠰᠦᠯᠵᠢᠶ᠎ᠡ ︾ ᠂ ︽ ᠳᠤᠮᠳᠠᠳᠤ ᠤᠯᠤᠰ ᠤᠨ ᠮᠣᠩᠭᠤᠯ ᠬᠡᠯᠡᠨ ᠦ᠌ ᠰᠣᠨᠢᠨ ᠮᠡᠳᠡᠭᠡ ᠶᠢᠨᠰᠦ᠋ᠯᠵᠢᠶᠠ ︾ ᠂ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠂ ︽ ᠰᠢᠨᠵᠢᠶᠠᠩ ᠤ᠋ᠨ ᠡᠳᠦᠷ ᠦ᠋ᠨ ᠰᠣᠨᠢᠨ ︾ ᠵᠡᠷᠭᠡ ᠰᠣᠨᠢᠨ ᠰᠡᠳᠭᠦᠯ ᠂ ᠷᠡᠳᠢᠤ ᠲᠧᠯᠸᠢᠰ ᠂ ᠰᠦᠯᠵᠢᠶ᠎ᠡ ᠳᠡᠭᠡᠷ᠎ᠡ ᠠᠷᠪᠢᠨ ᠨᠡᠢᠲᠡᠯᠡᠭᠳᠡᠵᠦ ᠥᠩᠭᠡᠷᠡᠵᠡᠢ ᠃ ᠬᠢ ᠂ ᠮᠥᠩᠬᠡᠪᠠᠶᠠᠷ ᠪᠠᠰᠠ ︽ ᠴᠡᠢᠳᠡᠮ ᠦ᠋ᠨ ᠰᠣᠨᠢᠨ ︾ ᠤ ᠤᠷᠠᠨ ᠵᠣᠬᠢᠶᠠᠯ ᠤ᠋ᠨ ᠪᠤᠯᠤᠩ ᠢ᠋ ᠵᠢᠵᠢᠭᠦᠷᠯᠡᠨ ᠨᠠᠢᠷᠠᠭᠤᠯᠬᠤ ᠳ᠋ᠠᠭᠠᠨ ︽ ᠠᠷᠴᠠ ᠶᠢᠨ ᠦᠨᠦᠷ ︾ ᠂ ︽ ᠮᠥᠩᠭᠦᠨ ᠥᠨᠳᠦᠷᠯᠢᠭ ︾ ᠵᠡᠷᠭᠡ ᠪᠤᠯᠤᠩ ᠢ ᠨᠡᠭᠡᠭᠡᠵᠦ ᠂ ᠳᠡᠭᠡᠳᠦ ᠮᠣᠩᠭᠤᠯ ᠤ᠋ᠨ ᠤᠷᠠᠨ ᠵᠣᠬᠢᠶᠠᠯ ᠤ᠋ᠨ ᠵᠠᠯᠭᠠᠮᠵᠢ ᠦᠶ᠎ᠡ ᠶᠢ ᠬᠥᠮᠦᠵᠢᠭᠦᠯᠬᠦ ᠳ᠋ᠦ᠍ ᠬᠦᠴᠦᠨ ᠴᠢᠳᠠᠯ ᠢ᠋ᠶ᠋ᠠᠨ ᠰᠢᠪᠬᠠᠵᠤ ᠂ ᠨᠡᠩ ᠢᠯᠠᠩᠭᠤᠶ᠎ᠠ ᠮᠠᠯᠴᠢᠨ ᠵᠣᠬᠢᠶᠠᠯᠴᠢ ᠨᠡᠷ ᠢ ᠢᠯᠡᠭᠦᠬᠡᠨ ᠬᠠᠯᠠᠮᠵᠢᠯᠠᠨ ᠳᠡᠮᠵᠢᠵᠦ ᠂ ᠵᠣᠷᠢᠭᠵᠢᠭᠤᠯᠤᠨ ᠤᠷᠮᠠᠰᠢᠭᠤᠯᠤᠨ ᠶᠤ ᠂ ᠮᠥᠩᠬᠡᠪᠠᠭᠠᠲᠤᠷ ᠂ ᠪᠡ ᠂ ᠪᠠᠯᠮᠠᠳᠤᠷᠵᠢ ᠂ ᠪ ᠂ ᠷ ᠂ ᠡᠷᠳᠡᠨᠢᠮᠦ᠋ᠩᠭᠡ ᠵᠡᠷᠭᠡ ᠢᠷᠠᠭᠤ ᠨᠠᠢᠷᠠᠭᠴᠢ ᠨᠡᠷ ᠴᠣᠯᠭᠤᠷᠠᠨ ᠭᠠᠷᠴᠤ ᠂ ᠪᠠᠰᠠ ᠮᠡᠯᠴᠢᠠ ᠢᠷᠠᠭᠤ ᠨᠠᠢᠷᠠᠭᠴᠢ ᠶᠠᠩᠵᠢᠨᠼᠤᠤ ᠶᠢᠨ ︽ ᠢᠰᠡᠭᠡᠢ ᠭᠤᠲᠤᠯ ᠲᠡᠢ ᠠᠪᠤ ᠮᠢᠨᠢ ︾ ᠂ ᠭᠠ ᠂ ᠭᠠᠪᠽᠸᠡᠡᠭᠵᠠ ᠶᠢᠨ︽ ᠵᠤᠯᠠ︾ ᠭᠡᠮᠭᠦ ᠰᠢᠯᠦᠭ ᠵᠣᠬᠢᠶᠠᠯ ᠤ᠋ᠨ ᠲᠡᠭᠦᠪᠦᠷᠢ ᠶ᠋ᠢ ᠪᠡᠶ᠎ᠡ ᠪᠡᠷ ᠢ᠋ᠶ᠋ᠡᠨ ᠬᠠᠷᠢᠭᠤᠴᠠᠨ ᠨᠠᠢᠷᠠᠭᠤᠯᠵᠤ ᠬᠡᠪᠯᠡᠭᠦᠯᠦᠭᠰᠡᠨ ᠪᠠᠢᠳᠠᠭ ᠃ ᠭᠢ ᠂ ᠮᠥᠩᠬᠡᠪᠠᠶᠠᠷ ᠤᠷᠢᠳ ᠬᠣᠵᠢᠳ ︽ᠥᠳᠦᠨ ᠴᠠᠭᠠᠨ ᠪᠡᠯᠡᠭ ︾ ︵1999 ᠣᠨ ᠳ᠋ᠤ᠌ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶ᠎ᠠ ᠡᠴᠡ ᠬᠡᠪᠯᠡᠭᠦᠯᠵᠡᠢ ︶ ᠬᠡᠮᠡᠬᠦ ᠰᠢᠯᠦᠭ ᠦ᠋ᠨ ᠲᠡᠭᠦᠪᠦᠷᠢ ᠂ ︽ ᠥᠨᠳᠦᠷᠯᠢᠭ ᠦ᠋ᠨ ᠰᠠᠬᠢᠭᠤᠰᠤ ︾ ︵2006 ᠣᠨ ᠳ᠋ᠥ ᠪᠡᠭᠡᠵᠢᠩ ᠦ᠋ᠨ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ ᠡᠴᠡ ᠬᠡᠪᠯᠡᠭᠦᠯᠵᠡᠢ ︶ ᠬᠡᠮᠡᠬᠦ ᠰᠣᠨᠢᠨ ᠮᠡᠳᠡᠭᠡᠨ ᠦ᠌ ᠵᠣᠬᠢᠶᠠᠯ ᠤ᠋ᠨ ᠲᠡᠭᠦᠪᠦᠷᠢ ᠪᠠ ︽ ᠥᠨᠳᠦᠷᠯᠢᠭ ᠦ᠋ᠨ ᠲᠠᠪᠤᠨ ᠤᠨᠠᠭ᠎ᠠ ︾ ︵ ᠬᠢᠲᠠᠳ ᠬᠡᠪᠯᠡᠯ ᠂ ᠪᠤᠰᠤᠳ ᠲᠠᠢ ᠬᠠᠮᠲᠤᠷᠠᠨ2009 ᠣᠨ ᠳ᠋ᠤ᠌ ᠵᠣᠬᠢᠶᠠᠯᠴᠢᠳ ᠤ᠋ᠨ ᠬᠡᠪᠯᠡᠯ ᠦ᠋ᠨ ᠬᠣᠷᠢᠶ᠎ᠠ ᠡᠴᠡ ᠬᠡᠪᠯᠡᠭᠦᠯᠵᠡᠢ ︶ ᠭᠡᠬᠦ ᠨᠣᠮ ᠤ᠋ᠳ ᠬᠡᠪᠯᠡᠭᠦᠯᠵᠡᠢ ᠃ ᠮᠠᠯᠴᠢᠨ ᠢᠷᠠᠭᠤ ᠨᠠᠢᠷᠠᠭᠴᠢ ᠶᠠᠩᠵᠢᠨᠼᠤᠤ ᠶᠢᠨ ︽ ᠢᠰᠡᠭᠡᠢ ᠭᠤᠲᠤᠯ ᠲᠠᠢ ᠠᠪᠤ ︾ ᠂ ᠭᠠ ᠂ ᠭᠠᠪᠽᠸᠩᠵᠠ ᠶᠢᠨ ︽ ᠵᠤᠯᠠ ︾ ᠭᠡᠬᠦ ᠰᠢᠯᠦᠭ ᠦ᠋ᠨ ᠲᠡᠭᠦᠪᠦᠷᠢ ᠶ᠋ᠢ ᠬᠠᠷᠢᠭᠤᠴᠠᠨ ᠨᠠᠢᠷᠠᠭᠤᠯᠵᠤ ᠂ ︽ ᠴᠠᠢᠳᠠᠮ ᠤ᠋ᠨ ᠮᠣᠩᠭᠤᠯᠴᠤᠳ ᠤ᠋ᠨ ᠵᠠᠭᠤᠨ ᠵᠢᠯ ᠦ᠋ᠨ ᠲᠡᠦᠬᠡᠨ ᠲᠡᠮᠳᠡᠭᠯᠡᠯ ︾ ︵ ᠬᠢᠲᠠᠳ ᠬᠡᠪᠯᠡᠯ ︶ ᠂ ︽ ᠭᠦᠭᠡᠳ ᠬᠣᠰᠢᠭᠤᠨ ᠤ᠋ ᠣᠢᠯᠠᠯᠭ᠎ᠠ ︾ ︵ ᠮᠣᠩᠭᠤᠯ ᠬᠢᠲᠠᠳ ᠬᠡᠪᠯᠡᠯ ︶ ᠂ ︽ ᠭᠦᠭᠡᠳ ᠬᠡᠢᠳ ᠦ᠋ᠨ ᠣᠢᠯᠠᠯᠭ᠎ᠠ ︾ ︵ ᠬᠢᠲᠠᠳ ᠬᠡᠪᠯᠡᠯ ︶ ᠵᠡᠷᠭᠡ ᠨᠣᠮ ᠢ᠋ ᠨᠠᠢᠷᠠᠭᠤᠯᠤᠨ ᠪᠢᠴᠢᠵᠡᠢ ᠃ ᠪᠠᠰᠠ ︽ ᠣᠢᠷᠠᠳ ᠮᠣᠩᠭᠤᠯ ᠤ᠋ᠨ ᠮᠠᠯ ᠰᠡᠲᠡᠷᠯᠡᠬᠦ ᠶᠣᠰᠤᠨ ᠣ ᠲᠤᠬᠠᠢ ᠰᠢᠨᠵᠢᠯᠡᠯ ︾ ᠂ ︽ ᠦᠨᠳᠦᠰᠦᠲᠡᠨ ᠦ᠌ ᠦᠰᠦᠭ ᠪᠢᠴᠢᠭ ᠦ᠋ᠨ ᠰᠣᠨᠢᠨ ᠤ᠋ ᠲᠤᠯᠭᠠᠷᠠᠵᠤ ᠪᠠᠢᠬᠤ ᠠᠰᠠᠭᠤᠳᠠᠯ ᠵᠢᠴᠢ ᠠᠷᠭᠠᠴᠠᠬᠤ ᠠᠷᠭ᠎ᠠ ᠬᠡᠮᠵᠢᠶ᠎ᠡ ︾ ᠂ ︽ ᠳᠡᠭᠡᠳᠦ ᠮᠣᠩᠭᠤᠯ ᠤ᠋ᠨ ᠲᠠᠪᠤᠨ ︿ ᠮᠥᠩᠬᠡ ﹀ ᠶᠢᠨ ᠰᠣᠶᠤᠯ ᠤ᠋ᠨ ᠨᠠᠢᠷ ᠪᠠ ᠵᠢᠴᠢ ᠲᠡᠭᠦᠨ ᠦ᠌ ᠰᠣᠶᠤᠯ ᠤ᠋ᠨ ᠦᠨ᠎ᠡ ᠴᠠᠨ᠎ᠠ ︾ ᠵᠡᠷᠭᠡ10 ᠭᠠᠷᠤᠢ ᠥᠭᠦᠯᠡᠯ ᠨᠡᠢᠲᠡᠯᠡᠭᠦᠯᠵᠦ ᠂ ᠱᠠᠩᠨᠠᠯ ᠬᠥᠬᠢᠭᠦᠯᠦᠯ ᠣᠯᠣᠭᠰᠠᠨ ᠪᠥᠭᠡᠳ400 ᠲᠦᠮᠡᠨ ᠦᠰᠦᠭ ᠪᠦᠬᠦᠢ 800 ᠭᠠᠷᠤᠢ ᠰᠣᠨᠢᠨ ᠮᠡᠳᠡᠭᠡᠨ ᠣ ᠡᠭᠡ ᠪᠢᠴᠢᠭ ᠰᠤᠷᠪᠤᠯᠵᠢᠯᠠᠨ ᠪᠢᠴᠢᠵᠡᠢ ᠃ ᠡᠭᠦᠨ ᠦ᠌ ᠳᠣᠲᠤᠷ᠎ᠠ ︽ ᠡᠩ ᠦ᠋ᠨ ᠨᠢᠭᠡᠨ ᠮᠠᠯᠴᠢᠨ ᠠᠢᠯ ᠠ᠋ᠴᠠ ᠵᠢᠷᠭᠤᠭᠠᠨ ᠣᠶᠤᠲᠠᠨ ᠭᠠᠷᠤᠯ᠎ᠠ ︾ ᠭᠡᠬᠦ ᠵᠡᠷᠭᠡ50 ᠭᠠᠷᠤᠢ ᠡᠬᠡ ᠪᠢᠴᠢᠭ ᠨᠢ ᠪᠦᠬᠦ ᠤᠯᠤᠰ ᠤᠨ ᠮᠣᠩᠭᠤᠯ ᠰᠣᠨᠢᠨ ᠮᠡᠳᠡᠭᠡᠨ ᠦ᠌ ᠱᠠᠩᠨᠠᠯ ᠂ ᠪᠦᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠭᠠᠵᠠᠷ ᠣᠷᠤᠨ ᠂ ᠵᠧᠦ ᠬᠤᠳᠠ ᠶᠢᠨ ᠰᠠᠢᠨ ᠰᠣᠨᠢᠨ ᠮᠡᠳᠡᠭᠡᠨ ᠦ᠌ ᠱᠠᠩᠨᠠᠯ ᠂ ᠬᠥᠬᠡᠨᠠᠭᠤᠷ ᠤ᠋ᠨ ᠰᠣᠨᠢᠨ ᠮᠡᠳᠡᠭᠡᠨ ᠦ᠌ ᠱᠠᠩᠨᠠᠯ ᠵᠡᠷᠭᠡ ᠤᠯᠤᠰ ᠂ ᠮᠤᠵᠢ ᠶᠢᠨ ᠲᠡᠰ ᠦ᠋ᠨ ᠰᠣᠨᠢᠨ ᠮᠡᠳᠡᠭᠡᠨ ᠣ ᠱᠠᠩᠨᠠᠯ ᠤᠨ ᠨᠢᠭᠡᠳᠦᠭᠡᠷ ᠂ ᠬᠣᠶᠠᠳᠤᠭᠠᠷ ᠳᠡᠰ ᠦ᠋ᠨ ᠱᠠᠩᠨᠠᠯ ᠬᠦᠷᠲᠡᠵᠦ ᠥᠩᠭᠡᠷᠡᠵᠡᠢ ᠃ ᠬᠦᠷᠲᠡᠵᠡᠢ ᠃ ᠡᠭᠦᠨ ᠡᠴᠡ ᠭᠠᠳᠠᠨ᠎ᠠ ᠂ ︽ ᠮᠠᠨ ᠤ᠋ ᠳ᠋ᠤ᠌ ᠠᠢᠯᠴᠢᠯᠠᠭᠠᠷᠠᠢ ︾ ᠂ ︽ ᠭᠡᠭᠡᠨ ᠭᠦᠦᠰᠢ ᠬᠠᠭᠠᠨ ︾ ᠂ ︽ ᠳᠡᠭᠡᠳᠦ ᠮᠣᠩᠭᠤᠯ ᠢ᠋ᠶ᠋ᠠᠨ ᠰᠠᠨᠠᠵᠤ ᠪᠠᠢᠨ᠎ᠠ ︾ ᠂ ︽ ᠬᠠᠷ᠎ᠠ ᠨᠢᠳᠦᠨ ᠴᠢ ᠮᠢᠨᠢ ᠬᠠᠮᠢᠭ᠎ᠠ ᠪᠠᠢᠨ᠎ᠠ ︾ ᠂ ︽ ᠠᠯᠲᠠᠨᠪᠤᠯᠠᠭ ᠲᠤ᠌ ᠢᠷᠡᠭᠡᠷᠡᠢ ︾ ᠭᠡᠬᠦ ᠵᠡᠷᠭᠡ10 ᠭᠠᠷᠤᠢ ᠳᠠᠭᠤᠤ ᠶ᠋ᠢᠨ ᠦᠭᠡ ᠨᠢ ᠠᠶ᠎ᠠ ᠵᠣᠬᠢᠶᠠᠭᠳᠠᠨ ᠳᠠᠭᠤᠤ ᠶᠢᠨ ᠴᠣᠮᠤᠭ ᠲᠤ᠌ ᠣᠷᠤᠵᠤ ᠂ ᠳᠡᠯᠭᠡᠷᠡᠮᠡᠯ ᠳᠠᠭᠤᠤ ᠪᠣᠯᠵᠤ ᠲᠠᠷᠬᠠᠵᠤ ᠪᠠᠢᠨ᠎ᠠ ᠃ ᠠᠵᠢᠯ ᠦᠢᠯᠡᠰ ᠦ᠋ᠨ ᠬᠢᠨᠢ ᠠᠮᠵᠢᠯᠲᠠ ᠪᠦᠲᠦᠭᠡᠯ ᠢ᠋ ᠠᠷᠠᠳ ᠲᠦᠮᠡᠨ ᠨᠢ ᠦᠨᠡᠯᠡᠵᠦ ᠥᠭᠳᠡᠭ ᠭᠡᠰᠡᠨᠴᠢᠯᠡᠨ1999 ᠣᠨ ᠳ᠋ᠤ᠌ ᠬᠥᠬᠡᠨᠠᠭᠤᠷ ᠮᠤᠵᠢ ᠶᠢᠨ ᠬᠣᠶᠠᠳᠤᠭᠠᠷ ᠬᠤᠭᠤᠴᠠᠭᠠᠨ ᠣ ︽ ᠠᠷᠪᠠᠨ ᠰᠣᠳᠤᠨ ᠰᠣᠨᠢᠨ ᠮᠡᠳᠡᠭᠡᠨ ᠣ ᠠᠵᠢᠯᠲᠠᠨ ︾ ᠢᠶᠠᠷ ᠬᠥᠬᠢᠭᠦᠯᠦᠭᠳᠡᠵᠦ ᠂ 2002 ᠣᠨ ᠳ᠋ᠤ᠌ ᠲᠠᠪᠤᠳᠤᠭᠠᠷ ᠬᠤᠭᠤᠴᠠᠭᠠᠨ ᠣ ︽ ᠪᠦᠬᠦ ᠤᠯᠤᠰ ᠤᠨ ᠵᠠᠭᠤᠨ ᠰᠣᠳᠤᠨ ᠰᠣᠨᠢᠨ ᠮᠡᠳᠡᠭᠡᠨ ᠣ ᠠᠵᠢᠯᠲᠠᠨ ︾ ᠣ ᠴᠣᠯᠠ ᠪᠣᠯᠤᠨ ᠭᠤᠷᠪᠠᠳᠤᠭᠠᠷ ᠬᠤᠭᠤᠴᠠᠭᠠᠨ ᠣ ︽ ᠬᠠᠢᠰᠢ ᠵᠧᠦ ᠶ᠋ᠢᠨ ᠠᠷᠪᠠᠨ ᠭᠠᠷᠮᠠᠭᠠᠢ ᠵᠠᠯᠠᠭᠤ ︾ ᠶᠢᠨ ᠴᠣᠯᠠ ᠶ᠋ᠢ ᠬᠦᠷᠲᠡᠵᠡᠢ ᠃
Copyight 2016 by nmgmzw.gov.cn All Rights Reserved