ᠨᠡᠷ᠎ᠡ:
ᠭᠤ· ᠬᠠᠰᠪᠠᠭᠠᠨ᠎ᠠ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠭᠤ· ᠬᠠᠰᠪᠠᠭᠠᠨ᠎ᠠ ᠂ 1972 ᠣᠨ ᠤ᠋ 8 ᠰᠠᠷ᠎ᠠ ᠶᠢᠨ 5 ᠳ᠋ᠤ ᠱᠠᠩᠳᠤ ᠠᠳᠤᠭᠤᠴᠢᠨ ᠬᠣᠰᠢᠭᠤᠨ ᠤ᠋ ᠴᠠᠬᠠᠷ ᠶᠠᠰᠤᠲᠠᠨ ᠪᠠᠯᠭᠠᠭᠵᠠᠪ ᠤᠨ ᠭᠤᠩᠴᠤᠭᠷᠠᠪᠵᠠᠢ ᠶᠢᠨ ᠣᠳᠭᠠᠨ ᠬᠥᠪᠡᠭᠦᠨ ᠪᠣᠯᠵᠤ ᠬᠥᠬᠡᠬᠣᠲᠠ ᠳ᠋ᠤ᠌ ᠲᠥᠷᠦᠵᠡᠢ ᠃ ᠬᠠᠷᠠᠬᠠᠨ ᠪᠠᠭ᠎ᠠ ᠠᠴᠠ ᠪᠠᠨ ᠠᠪᠢᠶᠠᠰ ᠪᠢᠯᠢᠭ ᠲᠠᠢ ᠪᠠᠢᠭᠰᠠᠨ ᠢ᠋ᠶ᠋ᠠᠷ ᠯᠠᠭ ᠰᠢᠪᠠᠷ ᠢ᠋ᠶ᠋ᠠᠷ ᠶᠠᠭᠤᠮ᠎ᠠ ᠱᠤᠭᠤᠨ ᠨᠠᠭᠠᠳᠴᠤ ᠂ ᠮᠣᠳᠤ ᠪᠠᠷ ᠶᠠᠭᠤᠮ᠎ᠠ ᠰᠡᠢᠯᠬᠦ ᠂ ᠵᠢᠷᠤᠭ ᠵᠢᠷᠤᠬᠤ ᠵᠡᠷᠭᠡ ᠳ᠋ᠦ᠍ ᠰᠢᠨᠤᠯᠲᠠᠢ ᠣᠷᠤᠯᠳᠤᠵᠤ ᠂ 1986 ᠣᠨ ᠳ᠋ᠤ᠌ ᠠᠩᠬ᠎ᠠ ᠳᠤᠮᠳᠠ ᠶᠢᠨ ᠨᠢᠭᠡᠳᠦᠭᠡᠷ ᠣᠨ ᠠ᠋ᠴᠠ ᠰᠤᠷᠤᠯᠭ᠎ᠠ ᠪᠠᠨ ᠳᠤᠲᠠᠭᠤ ᠳᠤᠷᠭᠤᠨ ᠵᠣᠭᠰᠤᠵᠤ ᠬᠥᠳᠡᠭᠡ ᠪᠠᠨ ᠬᠠᠷᠢᠵᠤ ᠮᠠᠯᠴᠢᠨ ᠪᠣᠯᠪᠠ ᠃ ᠠᠷᠪᠠᠨ ᠲᠠᠪᠤᠬᠠᠨ ᠨᠠᠰᠤᠲᠠᠢ ᠪᠠᠢᠭᠰᠠᠨ ᠬᠠᠰᠪᠠᠭᠠᠨ᠎ᠠ 1988 ᠣᠨ ᠠ᠋ᠴᠠ ᠡᠬᠢᠯᠡᠨ ᠮᠣᠩᠭᠤᠯ ᠠᠷᠠᠳ ᠤᠨ ᠮᠣᠳᠤᠨ ᠤᠷ᠎ᠠ ᠰᠡᠢᠯᠪᠦᠷᠢ ᠶ᠋ᠢ ᠡᠬᠢᠯᠡᠨ ᠣᠷᠤᠯᠳᠤᠵᠠᠢ ᠃ 1992 ᠣᠨ ᠳ᠋ᠤ᠌ ᠪᠠᠷᠠᠭᠤᠨ ᠦᠵᠦᠮᠦᠴᠢᠨ ᠬᠣᠰᠢᠭᠤᠨ ᠤ᠋ ᠠᠷᠠᠳ ᠤᠨ ᠠᠯᠳᠠᠷᠲᠤ ᠬᠥᠭᠵᠢᠮᠴᠢᠨ ᠂ ᠵᠢᠷᠤᠭᠴᠢᠨ ᠂ ᠤᠷᠠᠯᠢᠭᠴᠢᠨ ᠨᠠ · ᠷᠢᠨᠴᠢᠨ ᠭᠤᠸᠠᠢ ᠳ᠋ᠤ᠌ ᠱᠠᠪᠢᠯᠠᠵᠤ ᠨᠢᠭᠡ ᠵᠢᠯ ᠬᠢᠷᠢᠲᠡᠢ ᠡᠷᠲᠡᠨ ᠦ᠌ ᠮᠠᠶᠢᠭ ᠤ᠋ᠨ ᠤᠷᠠᠨ ᠰᠡᠢᠯᠪᠦᠷᠢ ᠶ᠋ᠢ ᠰᠢᠰᠲ᠋ᠧᠮ ᠲᠠᠢ ᠰᠤᠷᠤᠯᠴᠠᠵᠠᠢ ᠃ ᠰᠡᠢᠯᠪᠦᠷᠢ ᠪᠠᠨ ᠬᠢᠬᠦ ᠶᠢᠨ ᠳᠠᠭᠠᠤ ᠤᠷᠠᠨ ᠵᠣᠬᠢᠶᠠᠯ ᠳ᠋ᠤ᠌ ᠰᠢᠮᠳᠠᠵᠤ ᠂ ︽ ᠲᠡᠭᠷᠢ ᠠᠷᠢᠬᠢ ︾ ᠂ ︽ ᠬᠠᠢᠷ᠎ᠠ ︾ ᠂ ︽ ᠠᠳᠤᠭᠤᠴᠢᠨ ᠶᠠᠪᠤᠭᠰᠠᠨ ᠠᠪᠤ ᠮᠢᠨᠢ ︾ ᠂ ︽ ᠴᠡᠩᠬᠡᠷᠯᠡᠨ ᠰᠦᠨᠳᠡᠷᠯᠡᠬᠦ ᠦᠵᠦᠮᠦᠴᠢᠨ ᠠᠭᠤᠯᠠ ︾ ᠵᠡᠷᠭᠡ ᠵᠠᠭᠤᠭᠠᠳ ᠰᠢᠯᠦᠭ ᠵᠣᠬᠢᠶᠠᠯ ᠢ᠋ᠶ᠋ᠠᠨ ᠤᠷᠢᠳ ᠬᠣᠵᠢᠳ ᠣᠷᠤᠨ ᠠᠢᠮᠠᠭ ᠤ᠋ᠨ ᠰᠣᠨᠢᠨ ᠰᠡᠳᠭᠦᠯ ᠳ᠋ᠦ᠍ ᠨᠡᠢᠲᠡᠯᠡᠭᠦᠯᠵᠦ ᠶᠠᠪᠤᠭᠰᠠᠨ ᠪᠠ 1997 ᠣᠨ ᠳ᠋ᠤ᠌ ᠰᠢᠯᠤᠭᠤᠨ ᠬᠥᠬᠡ ᠬᠣᠰᠢᠭᠤᠨ ᠤ᠋ ᠮᠣᠩᠭᠤᠯ ᠭᠡᠷ ᠦ᠋ᠨ ᠦᠢᠯᠡᠳᠪᠦᠷᠢ ᠳ᠋ᠦ᠍ ᠰᠡᠢᠯᠪᠦᠷᠢᠴᠢᠨ ᠢ᠋ᠶ᠋ᠡᠷ ᠤᠷᠢᠭᠳᠠᠨ ᠠᠵᠢᠯᠯᠠᠵᠤ ᠪᠠᠢᠭᠰᠠᠨ ᠪᠥᠭᠡᠳ 2000 ᠣᠨ ᠳ᠋ᠤ᠌ ︽ ᠭᠤ · ᠬᠠᠰᠪᠠᠭᠠᠨ᠎ᠠ ᠶᠢᠨ ᠤᠷᠠᠨ ᠰᠡᠢᠯᠦᠮᠡᠯ ᠦ᠋ᠨ ᠦᠵᠡᠰᠭᠦᠯᠡᠩ ︾ ᠢᠶᠡᠨ ᠬᠥᠪᠡᠭᠡᠲᠦ ᠰᠢᠷ᠎ᠠ ᠬᠣᠰᠢᠭᠤᠨ ᠤ᠋ ᠰᠣᠶᠤᠯ ᠤ᠋ᠨ ᠲᠥᠪ ᠲᠦ᠍ ᠡᠷᠬᠢᠯᠡᠵᠦ ᠂ 2005 ᠣᠨ ᠳ᠋ᠤ᠌ ᠳᠠᠬᠢᠨ ᠣᠷᠳᠤᠰ ᠨᠤᠲᠤᠭᠲᠠᠢ ᠨᠠᠶᠠᠨᠲᠠᠢ ᠂ ᠴᠠᠬᠠᠷ ᠪᠠᠷᠠᠭᠤᠨ ᠭᠠᠷᠤᠨ ᠬᠣᠢᠲᠤ ᠬᠣᠰᠢᠭᠤ ᠪᠠᠷ ᠨᠤᠲᠤᠭ ᠲᠠᠢ ᠨᠠᠰᠤᠠᠠᠦ᠋ᠯᠵᠠᠢ ᠲᠠᠢ ᠬᠠᠮᠲᠤᠷᠠᠨ ︽ ᠲᠤᠯᠭ᠎ᠠ ᠶ᠋ᠢᠨ ᠭᠤᠷᠪᠠᠨ ᠴᠢᠯᠠᠭᠤ ︾ ᠭᠡᠬᠦ ᠵᠠᠭᠤ ᠭᠠᠷᠤᠢ ᠰᠡᠢᠯᠪᠦᠷᠢ ᠤᠷᠠᠯᠠᠯ ᠤᠨ ᠪᠦᠲᠦᠭᠡᠯ ᠲᠠᠢ ᠳᠡᠯᠭᠡᠨ ᠦᠵᠡᠭᠦᠯᠦᠯᠭᠡ ᠪᠠᠨ ᠶᠠᠪᠤᠭᠳᠠᠭᠤᠯᠵᠤ ᠂ 2006 ᠣᠨ ᠳ᠋ᠤ᠌ ᠪᠡᠭᠡᠵᠢᠩ ᠬᠤᠳᠠ ᠶᠢᠨ ᠹᠠᠩ ᠱᠠᠨ ᠳᠤᠭᠤᠷᠢᠭ ᠤᠨ ᠴᠢᠯᠠᠭᠤᠨ ᠰᠡᠢᠯᠦᠮᠡᠯ ᠦ᠋ᠨ ᠳᠡᠭᠡᠳᠦ ᠰᠤᠷᠭᠠᠭᠤᠯᠢ ᠳ᠋ᠤ᠌ ᠬᠤᠶᠠᠷ ᠵᠢᠯ ᠰᠤᠷᠤᠯᠴᠠᠨ ᠲᠡᠭᠦᠰᠦᠭᠰᠡᠨ ᠪᠥᠭᠡᠳ ᠴᠢᠯᠠᠭᠤᠨ ᠰᠡᠢᠯᠦᠮᠡᠯ ᠢ᠋ ᠴᠦ᠍ ᠰᠠᠢᠬᠠᠨ ᠬᠢᠳᠡᠭ ᠂ ᠲᠡᠭᠦᠨ ᠦ᠌ ᠴᠠᠭᠠᠨ ᠭᠠᠨᠳᠢᠭ ᠴᠢᠯᠠᠭᠤ ᠪᠠᠷ ᠰᠡᠢᠯᠦᠭᠰᠡᠨ 150 ᠰᠡᠨᠲ᠋ᠢᠮᠧᠲ᠋ᠷ ᠬᠡᠪᠴᠢᠶᠡᠨ ᠦ᠌ ᠦᠵᠦᠮᠦᠴᠢᠨ ᠮᠣᠩᠭᠤᠯ ᠬᠣᠨᠢᠨ ᠤ᠋ ᠲᠣᠮᠤ ᠰᠡᠢᠯᠦᠮᠡᠯ ᠨᠢ ᠣᠳᠣ ᠪᠠᠷᠠᠭᠤᠨ ᠦᠵᠦᠮᠦᠴᠢᠨ ᠬᠣᠰᠢᠭᠤᠨ ᠤ᠋ ᠦᠵᠦᠮᠦᠴᠢᠨ ᠬᠣᠨᠢᠨ ᠤ᠋ ᠲᠠᠯᠠᠪᠤᠷ ᠲᠤ᠌ ᠲᠠᠯᠪᠢᠵᠤ ᠪᠤᠢ ᠃ 1998 ᠣᠨ ᠳ᠋ᠤ᠌ ᠰᠢᠯᠢ ᠶᠢᠨ ᠭᠣᠣᠯ ᠠᠢᠮᠠᠭ ᠤ᠋ᠨ ᠭᠠᠷ ᠤᠷᠠᠯᠠᠯ ᠤᠨ ᠤᠷᠤᠯᠳᠤᠭᠠᠨ ᠤ ᠭᠤᠷᠪᠠᠳᠤᠭᠠᠷ ᠳᠡᠰ ᠲᠦ᠍ ᠂ 2004 ᠣᠨ ᠳ᠋ᠤ᠌ ︽ ᠮᠣᠷᠢᠨ ᠬᠤᠭᠤᠷ ︾ ᠪᠦᠲᠦᠭᠡᠯ ᠨᠢ ᠨᠢᠭᠡᠳᠦᠭᠡᠷ ᠳᠡᠰ ᠲᠦ᠍ ᠂ 2009 ᠣᠨ ᠳ᠋ᠤ᠌ ︽ ᠰᠢᠷᠡᠭᠡ ᠲᠠᠢ ᠮᠣᠩᠭᠤᠯ ᠰᠢᠲᠠᠷ᠎ᠠ ︾ ᠪᠦᠲᠦᠭᠡᠯ ᠨᠢ ᠬᠣᠶᠠᠳᠤᠭᠠᠷ ᠳᠡᠰ ᠦ᠋ᠨ ᠱᠠᠩᠨᠠᠯ ᠬᠦᠷᠲᠡᠵᠦ ᠂ 2005 ᠣᠨ ᠳ᠋ᠤ᠌ ᠥᠪᠦᠷ ᠮᠣᠩᠭᠤᠯ ᠤ᠋ᠨ ᠠᠷᠠᠳ ᠤᠨ ᠰᠣᠶᠤᠯ ᠤ᠋ᠨ ︽ ᠠᠷᠠᠳ ︾ ᠨᠡᠷᠡᠮᠵᠢᠲᠦ ᠭᠠᠷ ᠤᠷᠠᠯᠠᠯ ᠤᠨ ᠤᠷᠤᠯᠳᠤᠭᠠᠨ ᠳ᠋ᠤ᠌ ︽ ᠨᠠᠢ᠍ᠮᠠᠨ ᠰᠢᠷᠭ᠎ᠠ ︾ ᠪᠦᠲᠦᠭᠡᠯ ᠢ᠋ᠶ᠋ᠡᠷ ᠢ᠋ᠶ᠋ᠡᠨ ᠬᠦᠷᠡᠯ ᠣᠳᠤᠨ ᠱᠠᠩᠨᠠᠯ ᠳᠤᠰᠴᠤ ᠂ 2007 ᠣᠨ ᠳ᠋ᠤ᠌ ᠣᠷᠤᠨ ᠤ᠋ ᠴᠠᠭᠠᠨ ᠰᠦᠯᠳᠡ ᠠᠳᠤᠭᠤᠨ ᠰᠣᠶᠤᠯ ᠢ᠋ᠶ᠋ᠠᠷ ᠭᠣᠣᠯᠯᠠᠭᠰᠠᠨ ᠠᠷᠠᠳ ᠤᠨ ᠭᠠᠷ ᠤᠷᠠᠯᠠᠯ ᠤᠨ ᠤᠷᠤᠯᠳᠤᠭᠠᠨ ᠳ᠋ᠤ᠌ ᠰᠢᠯᠢᠳᠡᠭ ᠱᠠᠩᠨᠠᠯ ᠢ ᠳᠤᠰᠴᠤ ᠂ 2010 ᠣᠨ ᠳ᠋ᠤ᠌ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠠᠵᠤ ᠠᠬᠤᠢ ᠪᠠ ᠵᠠᠩᠭᠢᠴᠢᠯᠠᠯᠲᠠ ᠶ᠋ᠢᠨ ᠵᠥᠪᠯᠡᠯ ᠡᠴᠡ ᠣᠯᠭᠤᠭᠰᠠᠨ ︽ ᠵᠢᠭᠦᠷᠲᠦ ᠬᠦᠯᠦᠭ ︾ ᠨᠡᠷᠡᠮᠵᠢᠲᠦ ᠤᠷᠤᠯᠳᠤᠭᠠᠨ ᠳ᠋ᠤ᠌ ︽ ᠰᠢᠷᠡᠭᠡ ᠲᠠᠢ ᠮᠣᠩᠭᠤᠯ ᠰᠢᠲᠠᠷ᠎ᠠ ︾ ᠪᠦᠲᠦᠭᠡᠯ ᠢ᠋ᠶ᠋ᠡᠷ ᠢ᠋ᠶ᠋ᠡᠨ ᠰᠢᠯᠢᠳᠡᠭ ᠱᠠᠩᠨᠠᠯ ᠢ ᠲᠤᠰ ᠲᠤᠰ ᠳᠤᠰᠴᠤ ᠥᠩᠭᠡᠷᠡᠵᠡᠢ ᠃ ᠭᠤ· ᠬᠠᠰᠪᠠᠭᠠᠨ᠎ᠠ ᠤᠷᠠᠨ ᠰᠡᠢᠯᠪᠦᠷᠢᠴᠢᠨ ᠢ᠋ᠶ᠋ᠡᠷ ᠪᠠᠷᠠᠬᠤ ᠦᠭᠡᠢ ᠱᠤᠭᠤᠮᠠᠯ ᠢ ᠴᠦ᠍ ᠰᠠᠢᠬᠠᠨ ᠱᠤᠭᠤᠳᠠᠭ ᠪᠥᠭᠡᠳ ᠬᠥᠪᠡᠭᠡᠲᠦ ᠰᠢᠷ᠎ᠠ ᠬᠣᠰᠢᠭᠤᠨ ᠤ᠋ ᠵᠠᠰᠠᠭ ᠤᠨ ᠣᠷᠳᠤᠨ ᠤ᠋ ᠲᠣᠮᠤ ᠠᠰᠠᠷ ᠤᠨ ᠵᠡᠭᠦᠨ ᠡᠮᠦᠨ᠎ᠡ ᠪᠠᠢᠭ᠎ᠠ ᠴᠠᠭᠠᠨ ᠮᠣᠷᠢᠲᠤ ᠳᠡᠯᠭᠡᠭᠦᠷ ᠦ᠋ᠨ ᠣᠷᠤᠢ ᠳ᠋ᠤ᠌ 2 ᠮᠧᠲ᠋ᠷ ᠭᠠᠷᠤᠢ ᠥᠨᠳᠦᠷ ᠲᠣᠮᠤ ᠮᠣᠷᠢᠨ ᠱᠤᠭᠤᠮᠠᠯ ᠢ ᠨᠠᠢᠵᠠ ᠣᠶᠤᠨᠪᠢᠯᠢᠭ᠌ ᠲᠠᠢ ᠪᠠᠨ ᠬᠠᠮᠲᠤᠷᠠᠨ ᠱᠤᠭᠤᠵᠤ ᠭᠤᠷᠪᠠᠨ ᠳᠠᠪᠬᠤᠷ ᠠᠰᠠᠷ ᠳᠡᠭᠡᠷᠡᠬᠢ ᠴᠠᠭᠠᠨ ᠮᠣᠷᠢ ᠨᠢ ᠬᠣᠷᠸ᠎ᠠ ᠶ᠋ᠢᠨ ᠨᠠᠷᠠ ᠰᠠᠷ᠎ᠠ ᠂ ᠪᠣᠷᠤᠭᠠᠨ ᠴᠠᠰᠤᠨ ᠠᠴᠠ ᠬᠠᠢᠬᠤᠷᠬᠤ ᠦᠭᠡᠢ ᠡᠭᠦᠯᠡ ᠬᠦᠯᠦᠭᠯᠡᠨ ᠳᠠᠪᠬᠢᠵᠤ ᠪᠠᠢᠨ᠎ᠠ ᠡ ᠃ ᠭᠤ· ᠬᠠᠰᠪᠠᠭᠠᠨ᠎ᠠ ᠮᠣᠷᠢᠨ ᠬᠤᠭᠤᠷ ᠢ ᠴᠦ᠍ ᠰᠠᠢᠬᠠᠨ ᠰᠡᠢᠯᠵᠦ ᠂ ᠰᠠᠢᠬᠠᠨ ᠬᠥᠭᠵᠢᠮᠳᠡᠨ ᠲᠠᠲᠠᠳᠠᠭ ᠪᠥᠭᠡᠳ ᠭᠢᠲ᠋ᠠᠷ ᠴᠢᠪᠬᠠᠳᠠᠨ ᠳᠠᠭᠤᠤ ᠰᠠᠢᠬᠠᠨ ᠳᠠᠭᠤᠯᠠᠳᠠᠭ ᠃ ᠲᠡᠭᠦᠨ ᠦ᠌ ᠦᠭᠡ ᠠᠶ᠎ᠠ ᠶᠢ ᠨᠢ ᠥᠪᠡᠷ ᠢ᠋ᠶ᠋ᠡᠨ ᠵᠣᠬᠢᠶᠠᠭᠰᠠᠨ ︽ ᠡᠪᠦᠭᠡᠨ ᠪᠠᠭᠰᠢ ᠮᠢᠨᠢ ᠰᠠᠢᠨ ᠪᠠᠢᠨ᠎ᠠ ᠣᠣ ︖ ︾ ᠳᠠᠭᠤᠤ ᠪᠠᠷ ᠢ᠋ᠶ᠋ᠠᠨ 2000 ᠣᠨ ᠳ᠋ᠤ᠌ ᠬᠣᠰᠢᠭᠤᠨ ᠤ᠋ ᠪᠠᠨ ᠳᠠᠭᠤᠨ ᠤ ᠤᠷᠤᠯᠳᠤᠭᠠᠨ ᠳ᠋ᠤ᠌ ᠬᠣᠶᠠᠳᠤᠭᠠᠷ ᠨᠡᠷ᠎ᠡ ᠳ᠋ᠦ᠍ ᠱᠠᠩᠨᠠᠭᠳᠠᠵᠤ ᠪᠠᠢᠭᠰᠠᠨ ᠪᠥᠭᠡᠳ ᠮᠠᠯᠴᠢᠨ ᠢᠷᠠᠭᠤ ᠨᠠᠢᠷᠠᠭᠴᠢ ᠳᠤ· ᠪᠥᠬᠡᠴᠢᠯᠠᠭᠤ ᠶ᠋ᠢᠨ ᠰᠢᠯᠦᠭ ᠂ ᠭᠤ· ᠬᠠᠰᠪᠠᠭᠠᠨ᠎ᠠ ᠠᠶ᠎ᠠ ᠵᠣᠬᠢᠶᠠᠵᠤ ᠥᠪᠡᠷ ᠢ᠋ᠶ᠋ᠡᠨ ᠳᠠᠭᠤᠯᠠᠭᠰᠠᠨ ︽ ᠳᠤᠷᠠᠰᠤᠮᠵᠢ ᠶᠢᠨ ᠴᠡᠩᠭᠡᠷ ᠮᠥᠷᠦᠭᠡᠳᠦᠯ ︾ ᠭᠡᠬᠦ ᠳᠠᠭᠤᠤ ᠪᠠᠷ ᠢ᠋ᠶ᠋ᠠᠨ ᠲᠥᠪ ᠷᠠᠳᠢᠣ᠋ ᠬᠣᠷᠢᠶᠠᠨ ᠤ᠋ ᠡᠷᠬᠢᠯᠡᠨ ᠶᠠᠪᠤᠭᠳᠠᠭᠤᠯᠤᠭᠰᠠᠨ ︽ ᠬᠠᠨ ᠲᠡᠭᠷᠢ ᠶ᠋ᠢᠨ ᠡᠭᠡᠰᠢᠭ ︾ ᠪᠦᠬᠦ ᠤᠯᠤᠰ ᠤᠨ ᠬᠡᠪᠴᠢᠶᠡᠨ ᠦ᠌ ᠳᠠᠭᠤᠨ ᠤ ᠤᠷᠤᠯᠳᠤᠭᠠᠨ ᠳ᠋ᠤ᠌ ᠣᠷᠤᠯᠴᠠᠵᠤ ᠂ ᠲᠥᠪ ᠷᠠᠳᠢᠣ᠋ ᠬᠣᠷᠢᠶ᠎ᠠ ᠨᠡᠪᠲᠡᠷᠡᠭᠦᠯᠵᠦ ᠥᠩᠭᠡᠷᠡᠵᠡᠢ ᠃ ᠮᠥᠨ ᠴᠦ᠍ ᠰᠢᠯᠢ ᠶᠢᠨ ᠭᠣᠣᠯ ᠤ᠋ᠨ ᠷᠠᠳᠢᠣ᠋ ᠬᠣᠷᠢᠶ᠎ᠠ ᠂ ᠥᠪᠦᠷ ᠮᠣᠩᠭᠤᠯ ᠤ᠋ᠨ ᠷᠠᠳᠢᠣ᠋ ᠬᠣᠷᠢᠶ᠎ᠠ ᠂ ᠲᠥᠪ ᠦ᠋ᠨ ᠷᠠᠳᠢᠣ᠋ ᠬᠣᠷᠢᠶ᠎ᠠ ᠂ ᠬᠥᠪᠡᠭᠡᠲᠦ ᠰᠢᠷ᠎ᠠ ᠬᠣᠰᠢᠭᠤᠨ ᠤ᠋ ᠷᠠᠳᠢᠣ᠋ ᠬᠣᠷᠢᠶ᠎ᠠ ᠠ᠋ᠴᠠ ᠭᠤ· ᠬᠠᠰᠪᠠᠭᠠᠨ᠎ᠠ ᠶᠢᠨ ᠤᠷᠠᠨ ᠪᠦᠲᠦᠭᠡᠯ ᠂ ᠰᠡᠢᠯᠪᠦᠷᠢ ᠶ᠋ᠢᠨ ᠲᠤᠬᠠᠢ ᠲᠤᠰᠭᠠᠢ ᠰᠤᠷᠪᠤᠯᠵᠢᠯᠠᠭ᠎ᠠ ᠠᠪᠴᠤ ᠨᠡᠪᠲᠡᠷᠡᠭᠦᠯᠵᠦ ᠪᠠᠢᠭᠰᠠᠨ ᠶᠤᠮ ᠃ ᠭᠤ· ᠬᠠᠰᠪᠠᠭᠠᠨ᠎ᠠ ᠠᠷᠪᠠ ᠭᠠᠷᠤᠢ ᠳᠠᠭᠤᠤ ᠪᠠ ᠠᠶ᠎ᠠ ᠵᠣᠬᠢᠶᠠᠵᠤ ᠂ ᠲᠡᠭᠦᠨ ᠢ᠋ᠶ᠋ᠡᠨ ᠡᠮᠬᠢᠯᠡᠵᠦ ᠬᠠᠪᠰᠤᠷᠤᠯ ᠠᠶ᠎ᠠ ᠬᠢᠯᠭᠡᠨ ᠠᠶ᠎ᠠ ᠳᠠᠭᠤᠨ ᠤ ᠪᠠᠨ ᠴᠣᠮᠤᠭ ᠭᠠᠷᠭᠠᠬᠤ ᠪᠠᠷ ᠪᠡᠯᠡᠳᠭᠡᠵᠦ ᠪᠤᠢ ᠃ 2010 ᠣᠨ ᠳ᠋ᠤ᠌ ᠰᠢᠯᠢ ᠶᠢᠨ ᠭᠣᠣᠯ ᠠᠢᠮᠠᠭ ᠤ᠋ᠨ ᠠᠵᠢᠯ ᠮᠡᠷᠭᠡᠵᠢᠯ ᠦ᠋ᠨ ᠳᠡᠭᠡᠳᠦ ᠰᠤᠷᠭᠠᠭᠤᠯᠢ ᠶᠢᠨ ᠮᠣᠩᠭᠤᠯ ᠬᠡᠯᠡ ᠰᠣᠶᠤᠯ ᠤᠷᠠᠯᠢᠭ ᠤᠨ ᠰᠠᠯᠪᠤᠷᠢ ᠶᠢᠨ ᠭᠠᠷ ᠤᠷᠠᠯᠠᠯ ᠤᠨ ᠠᠩᠭᠢ ᠳ᠋ᠤ᠌ ᠲᠤᠰᠭᠠᠢ ᠭᠠᠷ ᠤᠷᠠᠯᠠᠯ ᠤᠨ ᠪᠠᠭᠰᠢ ᠪᠠᠷ ᠨᠢᠭᠡ ᠵᠢᠯ ᠤᠷᠢᠭᠳᠠᠨ ᠠᠵᠢᠯᠯᠠᠵᠤ ᠂ ᠡᠳᠦᠢ ᠲᠡᠳᠦᠢ ᠱᠠᠪᠢ ᠬᠥᠮᠦᠵᠢᠭᠦᠯᠦᠭᠰᠡᠨ ᠪᠠ ᠪᠠᠷᠠᠭᠤᠨ ᠰᠥᠨᠢᠳ ᠨᠤᠲᠤᠭ ᠲᠠᠢ ᠰᠦᠷᠲᠡᠢᠪᠠᠭᠠᠲᠤᠷ ᠪᠠ ᠬᠥᠪᠡᠭᠡᠲᠦ ᠰᠢᠷ᠎ᠠ ᠨᠤᠲᠤᠭ ᠲᠠᠢ ᠬᠤᠷᠴᠠ ᠵᠡᠷᠭᠡ ᠱᠠᠪᠢ ᠨᠠᠷ ᠨᠢ ᠪᠡᠶ᠎ᠡ ᠪᠠᠨ ᠳᠠᠭᠠᠭᠠᠨ ᠤᠷᠠᠯᠠᠯ ᠰᠡᠢᠯᠪᠦᠷᠢ ᠶ᠋ᠢᠨ ᠠᠵᠢᠯ ᠦᠢᠯᠡᠰ ᠡᠷᠬᠢᠯᠡᠵᠦ ᠪᠤᠢ ᠃ 2005 ᠣᠨ ᠳ᠋ᠤ᠌ ᠥᠪᠦᠷ ᠮᠣᠩᠭᠤᠯ ᠤ᠋ᠨ ᠠᠷᠠᠳ ᠤᠨ ᠠᠮᠠᠨ ᠵᠣᠬᠢᠶᠠᠯᠴᠢᠳ ᠤᠷᠠᠯᠢᠭᠴᠢᠳ ᠤᠨ ᠡᠪᠯᠡᠯ ᠡᠴᠡ ᠠᠷᠠᠳ ᠤᠨ ᠤᠷᠠᠯᠢᠭᠴᠢᠨ ᠤ ᠴᠣᠯᠠ ᠣᠯᠭᠤᠭᠰᠠᠨ ᠪᠠ ᠥᠪᠦᠷ ᠮᠣᠩᠭᠤᠯ ᠤ᠋ᠨ ᠠᠷᠠᠳ ᠤᠨ ᠠᠮᠠᠨ ᠵᠣᠬᠢᠶᠠᠯᠴᠢᠳ ᠤᠷᠠᠯᠢᠭᠴᠢᠳ ᠤᠨ ᠡᠪᠯᠡᠯ ᠦ᠋ᠨ ᠭᠡᠰᠢᠭᠦᠨ ᠂ ᠰᠢᠯᠢ ᠶᠢᠨ ᠭᠣᠣᠯ ᠠᠢᠮᠠᠭ ᠤ᠋ᠨ ᠤᠳᠭ᠎ᠠ ᠤᠷᠠᠯᠢᠭ ᠤᠨ ᠬᠢᠨ ᠦ᠌ ᠬᠣᠯᠪᠤᠭ᠎ᠠ ᠶ᠋ᠢᠨ ᠤᠷᠠᠨ ᠵᠢᠷᠤᠭᠴᠢᠳ ᠤᠨ ᠨᠡᠢᠭᠡᠮᠯᠢᠭ ᠦ᠋ᠨ ᠭᠡᠰᠢᠭᠦᠨ ᠂ ᠬᠥᠪᠡᠭᠡᠲᠦ ᠰᠢᠷ᠎ᠠ ᠬᠣᠰᠢᠭᠤᠨ ᠤ᠋ ᠤᠳᠭ᠎ᠠ ᠤᠷᠠᠯᠢᠭ ᠤᠨ ᠬᠣᠯᠪᠤᠭᠠᠨ ᠤ᠋ ᠭᠡᠰᠢᠭᠦᠨ ᠂ ᠴᠠᠬᠠᠷ ᠮᠠᠯᠴᠢᠳ ᠤᠨ ᠰᠣᠶᠤᠯ ᠵᠢᠭᠤᠴᠢᠯᠠᠯ ᠤᠨ ᠨᠡᠢᠭᠡᠮᠯᠢᠭ ᠦ᠋ᠨ ᠭᠡᠰᠢᠭᠦᠨ ᠵᠡᠷᠭᠡ ᠨᠡᠢᠭᠡᠮ ᠦ᠋ᠨ ᠡᠭᠦᠷᠭᠡᠯᠡᠯ ᠲᠠᠢ ᠪᠠᠢᠵᠤ ᠂ ᠣᠷᠤᠨ ᠤ᠋ ᠳᠡᠰ ᠦ᠋ᠨ ᠪᠣᠳᠠᠰ ᠤ᠋ᠨ ᠪᠤᠰᠤ ᠰᠣᠶᠤᠯ ᠤ᠋ᠨ ᠥᠪ ᠦ᠋ᠨ ᠮᠣᠩᠭᠤᠯ ᠰᠢᠲᠠᠷ᠎ᠠ ᠶ᠋ᠢᠨ ᠰᠡᠢᠯᠦᠨ ᠤᠯᠠᠮᠵᠢᠯᠠᠭᠴᠢ ᠪᠣᠯᠤᠭᠰᠠᠨ ᠪᠠᠢᠨ᠎ᠠ ᠃ ︽ ᠮᠣᠩᠭᠤᠯ ᠠᠳᠤᠭᠤᠨ ᠰᠣᠶᠤᠯ ᠤ᠋ᠨ ᠲᠣᠪᠴᠢᠶᠠᠨ ︾ ︵ ᠤᠷᠳᠤ ᠨᠢ 7m ᠂ ᠥᠷᠭᠡᠨ ᠨᠢ 2m ︶ ᠬᠡᠮᠡᠬᠦ ᠲᠣᠮᠤ ᠭᠦᠳᠦᠭᠦᠷ ᠰᠡᠢᠯᠦᠮᠡᠯ ᠢ᠋ ᠵᠢᠷᠭᠤᠭᠠᠨ ᠵᠢᠯ ᠦ᠋ᠨ ᠴᠠᠭ ᠢ ᠬᠡᠷᠡᠭᠰᠡᠨ ᠂ 2017 ᠣᠨ ᠳ᠋ᠤ᠌ ᠰᠡᠢᠯᠵᠦ ᠳᠠᠭᠤᠰᠭᠠᠭᠰᠠᠨ ᠪᠠᠢᠨ᠎ᠠ ᠃ ︽ ᠪᠢ ᠦᠬᠦᠵᠦ ᠪᠣᠯᠬᠤ ᠦᠭᠡᠢ ︾ ᠂ ︽ ᠠᠷᠠᠳ ᠲᠦᠮᠡᠨ ᠮᠢᠨᠢ ᠨᠠᠳᠠ ᠪᠠᠷ ᠰᠢᠯᠦᠭ ᠪᠢᠴᠢᠭᠦᠯᠳᠡᠭ ᠶᠤᠮ ︾ ᠬᠡᠮᠡᠬᠦ ᠬᠤᠶᠠᠷ ᠰᠢᠯᠦᠭ ᠦ᠋ᠨ ᠲᠡᠭᠦᠪᠦᠷᠢ ᠂ ︽ ᠡᠴᠢᠭᠡ ᠡᠪᠦᠭᠡᠳ ᠦ᠋ᠨ ᠮᠢᠨᠢ ᠨᠤᠲᠤᠭ ︾ ᠬᠡᠮᠡᠬᠦ ᠨᠠᠢᠷᠠᠭᠤᠯᠤᠯ ᠤ᠋ᠨ ᠲᠡᠭᠦᠪᠦᠷᠢ ᠂ ︽ ᠮᠣᠩᠭᠤᠯ ᠠᠳᠤᠭᠤᠨ ᠰᠣᠶᠤᠯ ᠤ᠋ᠨ ᠵᠢᠷᠤᠭᠲᠤ ᠳᠡᠪᠲᠡᠷ ︾ ᠂ ︽ ᠮᠣᠳᠤᠨ ᠤᠷ᠎ᠠ ᠰᠡᠢᠯᠪᠦᠷᠢ ︾ ᠵᠡᠷᠭᠡ ᠵᠢᠷᠭᠤᠭᠠᠨ ᠨᠣᠮ ᠢ᠋ᠶ᠋ᠠᠨ ᠬᠡᠪᠯᠡᠯ ᠳ᠋ᠦ᠍ ᠳᠡᠪᠰᠢᠭᠦᠯᠦᠭᠰᠡᠨ ᠪᠥᠭᠡᠳ ᠡᠳᠦᠭᠡ ︽ ᠭᠤ · ᠬᠠᠰᠪᠠᠭᠠᠨ᠎ᠠ ᠶᠢᠨ ᠮᠣᠳᠤᠨ ᠤᠷ᠎ᠠ ᠰᠡᠢᠯᠪᠦᠷᠢ ᠶ᠋ᠢᠨ ᠡᠮᠬᠢᠳᠭᠡᠯ ︾ ᠬᠡᠮᠡᠬᠦ ᠮᠣᠳᠤᠨ ᠰᠡᠢᠯᠪᠦᠷᠢ ᠶ᠋ᠢᠨ ᠪᠦᠲᠦᠭᠡᠯ ᠦ᠋ᠨ ᠨᠣᠮ ᠢ᠋ᠶ᠋ᠠᠷ ᠢ᠋ᠶ᠋ᠠᠨ ᠠᠷᠠᠳ ᠤᠯᠠᠨ ᠲᠠᠢ ᠪᠠᠨ ᠵᠣᠯᠭᠠᠵᠤ ᠪᠠᠢᠨ᠎ᠠ ᠡ ︕
Copyight 2016 by nmgmzw.gov.cn All Rights Reserved