ᠨᠡᠷ᠎ᠡ:
ᠵᠢ ᠂ ᠠᠯᠲᠠᠡᠰᠠᠩ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠵᠢ ᠂ ᠠᠯᠲᠠᠡᠰᠠᠩ ᠂ ᠪᠢᠷ ᠦ᠋ᠨ ᠨᠡᠷ᠎ᠡ ᠪᠤᠷᠤᠨᠤᠳ ᠵᠢ ᠂ ᠠᠯᠲᠠᠡᠰᠠᠩ 1971 ᠣᠨ ᠤ᠋ 6 ᠰᠠᠷ᠎ᠠ ᠶᠢᠨ 29 ᠳ᠋ᠥ ᠥᠪᠦᠷ ᠮᠣᠩᠭᠤᠯ ᠤ᠋ᠨ ᠤᠯᠠᠭᠠᠡᠬᠠᠲᠠ ᠬᠣᠲᠠ ᠶ᠋ᠢᠨ ᠠᠷᠤ ᠬᠣᠷᠴᠢᠨ ᠬᠣᠰᠢᠭᠤ ᠶ᠋ᠢᠨ ᠵᠢᠭᠠᠰᠤᠲᠠᠢ ᠪᠠᠯᠭᠠᠰᠤ ᠶᠢᠨ ᠬᠤᠰᠢᠭᠤᠮᠤᠲᠦ ᠭᠠᠴᠠᠭ᠎ᠠ ᠶᠢᠨ ᠵᠢᠬᠡᠳᠵᠢᠪ ᠂ ᠡᠷᠳᠡᠨᠢ ᠶᠢᠨ ᠣᠳᠭᠤᠨ ᠬᠦᠦ ᠪᠣᠯᠤᠨ ᠵᠠᠶᠠᠭᠠᠪᠠ ᠃ ᠵᠢ ᠂ ᠠᠯᠲᠠᠡᠰᠠᠩ ᠂ ᠪᠠᠭ᠎ᠠ ᠰᠤᠷᠭᠠᠭᠤᠯᠢ ᠪᠠᠨ 1982 ᠣᠨ ᠳ᠋ᠥ ᠲᠡᠭᠦᠰᠭᠡᠭᠡᠳ ᠮᠠᠯᠴᠢᠨ ᠪᠣᠯᠵᠤ ᠂ ᠬᠥᠳᠡᠭᠡ ᠶ᠋ᠢᠨ ᠬᠠᠷ᠎ᠠ ᠪᠣᠷᠤ ᠠᠵᠢᠯ ᠳ᠋ᠥ ᠣᠷᠤᠯᠴᠠᠵᠤ ᠶᠠᠪᠤᠬᠤ ᠳ᠋ᠥ ᠪᠠᠨ ᠲᠥᠷᠦᠯᠬᠢ ᠰᠠᠢᠬᠠᠨ ᠬᠡᠯᠡ ᠠᠭᠤᠥ ᠮᠣᠩᠭᠤᠯ ᠰᠤᠶᠤᠯ ᠪᠠᠨ ᠬᠡᠴᠢᠶᠡᠨ ᠰᠤᠷᠬᠤ ᠪᠠᠷ ᠵᠣᠷᠢᠭ ᠰᠢᠭᠤᠳᠴᠦ ᠠᠩᠬ᠎ᠠ ᠳᠤᠮᠳᠠᠳᠤ ᠂ ᠦᠨᠳᠦᠷ ᠲᠤᠮᠲᠠᠲᠦ ᠶᠢᠨ ᠬᠡᠯᠡ ᠪᠢᠴᠢᠭ ᠢ ᠦᠪᠡᠷ ᠢ᠋ᠶ᠋ᠡᠨ ᠰᠤᠷᠴᠤ ᠡᠵᠡᠮᠰᠢᠬᠦ ᠶᠢᠨ ᠲᠠᠭᠠᠥ ᠪᠢᠷ ᠪᠡᠬᠡᠰ ᠲᠠᠢ ᠨᠦᠬᠦᠷᠯᠡᠨ ᠰᠢᠯᠦᠭ ᠵᠣᠬᠢᠶᠠᠯ ᠤᠷᠤᠯᠳᠤᠬᠤ ᠳᠤᠷ᠎ᠠ ᠪᠠᠬᠠᠲᠠᠢ ᠪᠣᠯᠵᠤ ᠂ 1997 ᠣᠨ ᠳ᠋ᠥ ᠥᠪᠦᠷ ᠮᠣᠩᠭᠤᠯ ᠤ᠋ᠨ ᠠᠷᠠᠳ ᠤᠨ ᠷᠠᠳᠢᠥ ᠬᠣᠷᠢᠶ᠎ᠠ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠵᠡᠷᠭᠡ ᠭᠤᠷᠪᠠᠨ ᠪᠠᠶᠢᠭᠤᠯᠤᠯᠭ᠎ᠠ ᠶᠢᠨ ᠬᠠᠮᠲᠤᠷᠠᠨ ᠡᠷᠬᠢᠯᠡᠭᠰᠡᠨ ︽ ᠥᠪᠦᠷ ᠮᠣᠩᠭᠤᠯ ᠤ᠋ᠨ ᠦᠪᠡᠷᠲᠡᠬᠡᠨ ᠵᠠᠰᠠᠬᠤ ᠣᠷᠤᠨ ᠪᠠᠶᠢᠭᠤᠯᠤᠭᠳᠠᠭᠰᠠᠨ 50 ᠵᠢᠯ ᠦ᠋ᠨ ᠤᠢ ᠶᠢ ᠪᠡᠯᠡᠭᠯᠡᠬᠦ ᠤᠷᠠᠨ ᠵᠣᠬᠢᠶᠠᠯ ᠤ᠋ᠨ ᠤᠷᠤᠯᠳᠤᠭᠠᠨ ︾ ᠳ᠋ᠥ ︽ ᠰᠢᠨ᠎ᠡ ᠠᠮᠢᠯᠠᠯ ᠤᠨ ᠲᠠᠭᠤᠥ ︾ ᠭᠡᠬᠦ ᠬᠣᠯᠪᠤᠭ᠎ᠠ ᠶ᠋ᠢᠨ ᠰᠢᠯᠦᠭ ᠢᠶᠠᠷ ᠭᠤᠷᠪᠠᠳᠤᠭᠠᠷ ᠳᠡᠰ ᠲᠦ᠍ ᠲᠤᠲᠤᠷᠠᠨ ᠂ 1999 ᠣᠨ ᠳ᠋ᠥ ︽ ᠬᠤᠷᠸ᠎ᠠ ᠶᠢᠨ ᠲᠣᠭᠤᠰᠤᠨ ᠳ᠋ᠥ ︾ ᠭᠡᠬᠦ ᠠᠩᠬᠠᠨ ᠤ ᠦᠬᠦᠯᠡᠯᠬᠡ ᠢ᠋ᠶ᠋ᠡᠨ ︽ ᠲᠤᠷᠤᠭ ᠰᠠᠷᠠᠨ᠎ᠠ ︾ ᠰᠡᠳᠭᠦᠯ ᠦ᠋ᠨ 6 ᠳ᠋ᠤᠭᠠᠷ ᠬᠤᠭᠤᠴᠠᠭᠠᠨ ᠳ᠋ᠥ ᠨᠡᠶᠢᠲᠡᠯᠡᠬᠦᠯᠦᠬᠡᠳ ᠤᠷᠠᠨ ᠵᠣᠬᠢᠶᠠᠯ ᠤ᠋ᠨ ᠬᠦᠷᠢᠶᠡᠨ ᠳ᠋ᠥ ᠬᠦᠯ ᠲᠠᠯᠪᠢᠵᠠᠢ ᠃ ᠵᠢ ᠂ ᠠᠯᠲᠠᠡᠰᠠᠩ ᠬᠥᠳᠡᠭᠡ ᠨᠤᠲᠤᠭ ᠂ ᠮᠠᠯᠵᠢᠬᠤ ᠠᠮᠢᠳᠤᠷᠠᠯ ᠢᠶᠠᠷ ᠰᠠᠭᠤᠷᠢᠯᠠᠭᠤᠯᠵᠦ ᠰᠡᠳᠦᠪᠯᠡᠭᠰᠡᠨ ᠲᠠᠪᠢᠭᠠᠳ ᠥᠭᠦᠯᠡᠯᠭᠡ ᠨᠠᠢᠷᠠᠭᠤᠯᠤᠯ ᠂ ᠨᠠᠶᠠ ᠭᠠᠷᠤᠢ ᠢᠷᠠᠭᠤ ᠨᠠᠶᠢᠷᠠᠭ ᠢ᠋ᠶ᠋ᠡᠨ ︽ ᠥᠨᠢᠷ ᠴᠡᠴᠡᠭ ︾ ᠂ ︽ ᠬᠤᠨ ᠭᠠᠯᠠᠭᠤ ︾ ᠂ ︽ ᠥᠪᠦᠷ ᠮᠣᠩᠭᠤᠯ ᠤ᠋ᠨ ᠵᠠᠯᠠᠭᠤᠴᠤᠳ ︾ ᠂ ︽ ᠰᠢᠷ᠎ᠠ ᠮᠥᠷᠡᠨ ︾ ᠂ ︽ ᠵᠢᠷᠢᠮ ᠦ᠋ᠨ ᠤᠷᠠᠨ ᠵᠣᠬᠢᠶᠠᠯ ︾ ᠂ ︽ ᠴᠡᠯᠡᠬᠡᠷ ᠲᠠᠯ᠎ᠠ ︾ ᠵᠡᠷᠭᠡ ᠠᠷᠪᠠᠭᠠᠳ ᠰᠡᠳᠭᠦᠯ ᠳ᠋ᠥ ᠂ ᠣᠷᠤᠨ ᠨᠤᠲᠤᠭ ᠤᠨ ᠲᠡᠷᠢᠭᠦᠨ ᠦ᠌ ᠬᠦᠮᠦᠰ ᠢ ᠰᠤᠷᠪᠤᠯᠵᠢᠯᠠᠭᠰᠠᠨ ᠵᠠᠭᠤᠭᠠᠳ ᠮᠡᠳᠡᠭᠡ ᠴᠢᠮᠡᠬᠡᠯᠡᠯ ᠂ ᠮᠡᠳᠡᠭᠡᠯᠡᠯ ᠦ᠋ᠨ ᠤᠷᠠᠨ ᠵᠤᠬᠢᠶᠠᠯ ᠢ᠋ᠶ᠋ᠡᠨ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠂ ︽ ᠨᠡᠢᠭᠡᠮ ︾ ᠂ ︽ ᠰᠢᠡᠵᠢᠯᠡᠬᠦ ᠤᠬᠠᠭᠠᠨ ᠠᠮᠢᠳᠤᠷᠠᠯ ︾ ᠂ ︽ ᠤᠯᠠᠭᠠᠡᠬᠠᠲᠠ ᠶᠢᠨ ᠡᠳᠦᠷ ᠦ᠋ᠨ ᠰᠣᠨᠢᠨ ︾ ᠳ᠋ᠥ ᠨᠡᠢᠲᠡᠯᠡᠭᠦᠯᠦᠭᠰᠡᠨ ᠮᠦᠷᠲᠡᠬᠡᠨ ᠂ ᠬᠣᠶᠠᠳᠤᠭᠠᠷ ᠬᠤᠭᠤᠴᠠᠭᠠᠨ ᠤ᠋︽ ᠥᠨᠢᠷ ᠴᠡᠴᠡᠭ ︾ ᠰᠦᠯᠵᠢᠶᠡᠨ ᠤᠷᠠᠨ ᠵᠣᠬᠢᠶᠠᠯ ᠤ᠋ᠨ ᠲᠡᠷᠢᠭᠦᠨ ᠂ ︽ ᠴᠣᠮᠣᠷᠯᠢᠭ ᠬᠤᠨᠳᠠᠭᠠᠲᠤ ︾ ᠬᠡᠦᠬᠡᠳ ᠦ᠋ᠨ ᠥᠭᠦᠯᠡᠯᠭᠡ ᠶ᠋ᠢᠨ ᠰᠢᠯᠢᠳᠡᠭ ᠲᠡᠰ ᠂ ᠪᠠᠶᠠᠨᠪᠤᠯᠠᠭ ᠤᠷᠠᠨ ᠪᠦᠲᠦᠬᠡᠯᠴᠢᠳ ᠤᠨ ᠤᠷᠠᠨ ᠵᠣᠬᠢᠶᠠᠯ ᠤ᠋ᠨ ᠤᠷᠤᠯᠳᠤᠭᠠᠨ ᠤ ᠲᠡᠷᠢᠭᠦᠨ ᠵᠡᠷᠭᠡ ᠬᠣᠷᠢᠭᠠᠳ ᠤᠷᠠᠨ ᠵᠤᠬᠢᠶᠠᠯ ᠶᠢᠨ ᠱᠠᠩᠨᠠᠯ ᠲᠤᠰᠴᠦ ᠂ ᠵᠠᠷᠢᠮ ᠪᠦᠲᠦᠬᠡᠯ ᠨᠢ ︽ ᠴᠣᠮᠣᠷᠯᠢᠭ ᠬᠤᠡᠳᠠᠭᠠᠲᠦ ᠱᠠᠩᠨᠠᠯᠲᠦ ᠬᠡᠦᠬᠡᠳ ᠦ᠋ᠨ ᠥᠭᠦᠯᠡᠯᠭᠡ ︾ ᠂ ︽ ᠰᠢᠷ᠎ᠠ ᠮᠦᠷᠠᠨ ᠤ ᠤᠶᠠᠩᠭ᠎ᠠ ︾ ᠂ ︽ ᠪᠤᠷᠬᠠᠨ ᠲᠠᠢ ᠨᠤᠲᠤᠭ ︾ ᠂ ︽ ᠠᠪᠤ ᠡᠵᠢ ᠬᠤᠶᠠᠷ ︾ ᠂ ︽ ᠵᠤᠥ ᠤᠳᠠ ᠶᠢᠨ ᠮᠣᠩᠭᠤᠯ ᠤᠷᠠᠨ ᠵᠣᠬᠢᠶᠠᠯ ᠤ᠋ᠨ ᠲᠡᠭᠦᠪᠦᠷᠢ ︾ ᠂ ︽ ᠬᠤᠡᠲᠦ ᠨᠠᠭᠤᠷ ︾ ᠵᠡᠷᠭᠡ ᠤᠯᠠᠨ ᠨᠣᠮ ᠲᠡᠭᠦᠪᠦᠷᠢ ᠳ᠋ᠥ ᠰᠢᠯᠢᠭᠳᠡᠨ ᠣᠷᠤᠭᠰᠠᠨ ᠪᠠᠢᠨ᠎ᠠ ᠃ ᠵᠢ ᠂ ᠠᠯᠲᠠᠡᠰᠠᠩ ᠤᠷᠢᠳ ᠬᠣᠵᠢᠳ ᠪᠤᠰᠤᠳ ᠲᠠᠢ ᠬᠠᠮᠲᠤᠷᠠᠨ ︽ ᠰᠠᠶᠢᠬᠠᠡᠲᠠᠯᠠ ᠶᠢᠨ ᠦᠵᠡᠰᠬᠦᠯᠡᠩ ︾ ᠂ ︽ ᠬᠤᠰᠢᠭᠤᠮᠤᠲᠦ ᠨᠤᠲᠤᠭ ᠲᠣᠪᠴᠢᠶᠠᠨ ︾ ᠂ ︽ ᠨᠤᠶᠠᠬᠢᠨ ᠤᠪᠤᠭᠲᠠᠨ ᠦᠯᠵᠡᠢ ᠶᠢᠨ ᠬᠡᠷ ᠤᠨ ᠴᠠᠳᠢᠭ ︾ ᠵᠡᠷᠭᠡ ᠭᠤᠷᠪᠠᠨ ᠨᠣᠮ ᠬᠡᠪᠯᠡᠬᠦᠯᠦᠭᠰᠡᠨ ᠠᠴᠠ ᠭᠠᠳᠠᠨ᠎ᠠ ᠂ ᠰᠤᠷᠪᠤᠯᠵᠢᠯᠠᠵᠦ ᠨᠠᠢᠷᠠᠭᠤᠯᠤᠭᠰᠠᠨ ︽ ᠨᠠᠷᠠᠨ ᠵᠦᠭ ᠤᠨ ᠮᠠᠯᠴᠢᠨ ︾ ᠢ᠋ᠶ᠋ᠡᠨ ᠬᠡᠪᠯᠡᠭᠦᠯᠵᠦ ᠂ ᠥᠭᠦᠯᠡᠯᠭᠡ ᠶ᠋ᠢᠨ ᠲᠡᠭᠦᠪᠦᠷᠢ ︽ ᠲᠠᠬᠤᠯᠠᠢ ᠠᠪᠤ ︾ ᠪᠠᠨ ᠬᠡᠪᠯᠡᠯ ᠳ᠋ᠥ ᠲᠤᠰᠢᠶᠠᠬᠤ ᠪᠠᠷ ᠪᠡᠯᠡᠳᠬᠡᠵᠦ ᠪᠤᠢ ᠃ ᠵᠢ ᠂ ᠠᠯᠲᠠᠡᠰᠠᠩ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠃ ᠠᠷᠤ ᠬᠣᠷᠴᠢᠨ ᠬᠣᠰᠢᠭᠤᠨ ᠤ᠋ ᠮᠣᠩᠭᠤᠯ ᠤᠳᠭ᠎ᠠ ᠤᠷᠠᠯᠢᠭ ᠤᠨ ᠬᠣᠯᠪᠤᠭᠠᠨ ᠤ᠋ ᠭᠡᠰᠢᠭᠦᠨ ᠃ ᠠᠷᠤ ᠬᠣᠷᠴᠢᠨ ᠬᠣᠰᠢᠭᠤᠨ ᠤ᠋ ᠮᠣᠩᠭᠤᠯ ᠲᠡᠥᠬᠡ ᠶᠢᠨ ᠨᠡᠢᠭᠡᠮᠯᠢᠭ ᠦ᠋ᠨ ᠭᠡᠰᠢᠭᠦᠨ ᠃ ︽ ᠰᠢᠡᠵᠢᠯᠡᠬᠦ ᠤᠬᠠᠭᠠᠨ ᠠᠮᠢᠳᠤᠷᠠᠯ ︾ ᠰᠡᠳᠭᠦᠯ ᠦ᠋ᠨ ᠴᠢᠮᠡᠭᠡᠯᠡᠭᠴᠢ ᠵᠡᠷᠬᠡ ᠶᠢᠨ ᠡᠬᠦᠷᠬᠡ ᠲᠤᠰᠢᠶᠠᠯ ᠳ᠋ᠥ ᠪᠤᠢ ᠃
Copyight 2016 by nmgmzw.gov.cn All Rights Reserved