ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠ‍ ᠂ ᠷᠢᠨᠴᠢᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠢᠷ ᠦ᠋ᠨ ᠨᠡᠷ᠎ᠡ ᠵᠠ‍ ᠂ ᠷᠢᠨᠴᠢᠨ ᠂ 1973 ᠣᠨ ‍ᠣ 3 ᠰᠠᠷ᠎ᠠ  ᠶᠢᠨ 13 ‍ᠣ ᠡᠳᠦᠷ ᠲᠥᠷᠦᠪᠡ ᠃ ᠲᠦᠩᠯᠢᠶᠣᠤ ᠬᠤᠳᠠ  ᠶᠢᠨ ᠬᠣᠷᠴᠢᠨ ᠵᠡᠭᠦᠨ ᠭᠠᠷᠤᠨ ᠬᠣᠢᠲᠤ ᠬᠣᠰᠢᠭᠤᠨ ‍ᠣ ᠪᠠᠶᠠᠨᠮᠣᠳᠤ ᠰᠤᠮᠤ  ᠶᠢᠨ ᠬᠣᠢᠲᠤ ᠠᠪᠬ᠎ᠠ ᠭᠠᠴᠠᠭᠠᠨ ‍ᠣ ᠬᠥᠮᠦᠨ ᠃ ᠭᠠᠨᠵᠤᠭ᠎ᠠ ᠨᠢᠭᠡᠳᠦᠭᠡᠷ ᠳᠡᠭᠡᠳᠦ ᠵᠡᠷᠭᠡ  ᠶᠢᠨ ᠳᠤᠮᠳᠠᠳᠤ ᠰᠤᠷᠭᠠᠭᠤᠯᠢ ‍ᠳ᠋ᠥ ᠪᠠᠭᠰᠢ  ᠶᠢᠨ ᠠᠯᠪᠠ ᠬᠠᠭᠠᠵᠤ ᠪᠠᠢᠨ᠎ᠠ ᠃ 1994 ᠣᠨ ‍ᠳ᠋ᠥ ᠠᠩᠬᠠᠨ ‍ᠣ ᠪᠦᠲᠦᠭᠡᠯ ᠢ᠋ᠶ᠋ᠡᠨ ᠨᠡᠢᠲᠡᠯᠡᠭᠦᠯᠦᠭᠰᠡᠨ ᠡᠴᠡ ᠬᠣᠢᠰᠢ ᠣᠷᠤᠨ ‍ᠣ ᠳᠣᠲᠤᠨ᠎ᠠ ᠭᠠᠳᠠᠨᠠᠬᠢ ᠰᠣᠨᠢᠨ ᠰᠡᠳᠬᠦᠯ ᠤᠳ  ᠢᠶᠠᠷ 400 ᠭᠠᠷᠤᠢ ᠬᠤᠪᠢ ᠰᠢᠯᠦᠭ ᠂ ᠨᠠᠢᠷᠠᠭᠤᠯᠤᠯ ᠂ ᠥᠭᠦᠯᠡᠯᠭᠡ ᠨᠡᠶᠢᠳᠡᠯᠡᠬᠦᠯᠵᠡᠢ ᠃ 2011 ᠣᠨ ‍ᠳ᠋ᠥ ᠪᠦᠬᠦ ᠤᠯᠤᠰ ᠤᠨ ᠠᠩᠬᠠᠳᠤᠭᠠᠷ ᠬᠤᠭᠤᠴᠠᠭᠠᠨ ‍ᠣ ᠰᠦᠯᠵᠢᠶᠡᠨ ᠤᠷᠠᠨ ᠵᠣᠬᠢᠶᠠᠯ ᠤ᠋ᠨ ᠤᠷᠤᠯᠳᠤᠭᠠᠨ ‍ᠣ ᠭᠤᠳᠠᠭᠠᠷ ᠲᠡᠰ ᠦ᠋ᠨ ᠱᠠᠩᠨᠠᠯ ︔ 2016 ᠣᠨ ‍ᠳ᠋ᠥ ᠪᠦᠬᠦ ᠤᠯᠤᠰ ᠤᠨ ᠵᠢᠷᠭᠤᠳᠤᠭᠠᠷ ᠤᠳᠠᠭᠠᠨ ‍ᠣ ︽ ᠲᠡᠭᠷᠢ  ᠶᠢᠨ ᠪᠤᠳᠤᠭᠤ ︾ ᠢᠷᠠᠭᠤ ᠨᠠᠢᠷᠠᠭ ᠤ᠋ᠨ ᠤᠷᠤᠯᠳᠤᠭᠠᠨ ‍ᠣ ᠱᠠᠩᠨᠠᠯ ︔ 2017 ᠣᠨ ‍ᠳ᠋ᠥ ᠪᠦᠬᠦ ᠤᠯᠤᠰ ᠤᠨ ᠠᠩᠬᠠᠳᠤᠭᠠᠷ ᠤᠳᠠᠭᠠᠨ ‍ᠣ ︽ ᠴᠢᠮᠡᠳᠳᠤᠷᠵᠢ ︾ ᠨᠡᠷᠡᠮᠵᠢᠲᠦ ᠢᠷᠠᠭᠤ ᠨᠠᠢᠷᠠᠭ ᠤ᠋ᠨ ᠤᠷᠤᠯᠳᠤᠭᠠᠨ ‍ᠣ ᠱᠠᠩᠨᠠᠯ ︔ 2018 ᠣᠨ ‍ᠣ ᠪᠦᠬᠦ ᠤᠯᠤᠰ ᠤᠨ ︽ ᠱᠠᠭᠳᠠᠷ ᠬᠤᠨᠳᠠᠭᠠᠲᠤ ︾ ᠲᠤᠭᠤᠵᠢᠰ ᠤᠨ ᠤᠷᠤᠯᠳᠤᠭᠠᠨ ‍ᠣ ᠭᠤᠳᠠᠭᠠᠷ ᠲᠡᠰ ᠦ᠋ᠨ ᠱᠠᠩᠨᠠᠯ ᠲᠤᠰᠴᠤ ᠥᠩᠭᠡᠷᠡᠪᠡ ᠃ ︽ ᠤᠰᠤᠨ ᠭᠤᠳᠤᠯ ︾ ︽ ᠴᠠᠰᠤᠳᠤ ᠡᠪᠦᠯ ︾ ᠵᠡᠷᠭᠡ ᠥᠭᠦᠯᠡᠯᠭᠡ ᠨᠢ ᠴᠥᠭᠡᠨ ᠲᠤᠭᠠᠳᠤ ᠦᠨᠳᠦᠰᠦᠳᠡᠨ ‍ᠣ ᠰᠢᠯᠢᠳᠡᠭ ᠵᠣᠬᠢᠶᠠᠯ ᠤ᠋ᠨ ᠰᠣᠩᠭᠤᠮᠠᠯ ᠵᠡᠷᠭᠡ ᠲᠡᠭᠦᠪᠦᠷᠢ ‍ᠳ᠋ᠥ ᠬᠢᠳᠠᠳᠴᠢᠯᠠᠭᠳᠠᠨ ᠣᠷᠤᠵᠠᠢ ᠃ 2013 ᠣᠨ ‍ᠳ᠋ᠥ ᠯᠦ᠍ ᠰᠢᠶᠦ᠋ᠨ ‍ᠣ ᠤᠳᠭ᠎ᠠ ᠵᠣᠬᠢᠶᠠᠯ ᠤ᠋ᠨ ᠳᠡᠭᠡᠳᠦ ᠰᠤᠷᠭᠠᠭᠤᠯᠢ   ᠶᠢᠨ ᠪᠦᠬᠦ ᠤᠯᠤᠰ ᠤᠨ ᠴᠥᠭᠡᠨ ᠲᠤᠭᠠᠳᠤ ᠦᠨᠳᠦᠰᠦᠳᠡᠨ ‍ᠣ ᠳᠥᠷᠪᠡᠳᠦᠭᠡᠷ ᠬᠤᠭᠤᠴᠠᠭᠠᠨ ‍ᠣ ᠪᠣᠯᠪᠠᠰᠤᠷᠠᠯ ᠤ᠋ᠨ ᠠᠩᠭᠢ   ᠶᠢᠨ ᠰᠤᠷᠤᠯᠭᠠᠳᠠᠨ ᠳᠤᠮᠳᠠᠳᠤ ᠤᠯᠤᠰ ᠤᠨ ᠴᠥᠭᠡᠨ ᠲᠤᠭᠠᠳᠤ ᠦᠨᠳᠦᠰᠦᠳᠡᠨ ‍ᠣ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠬᠣᠷᠴᠢᠨ ᠵᠡᠭᠦᠨ ᠭᠠᠷᠤᠨ ᠬᠣᠢᠲᠤ ᠬᠣᠰᠢᠭᠤᠨ ‍ᠣ ᠤᠳᠭ᠎ᠠ ᠤᠷᠠᠯᠢᠭ ᠤᠨ ᠬᠢᠨ ‍ᠣ ᠬᠣᠯᠪᠤᠭ᠎ᠠ ᠶ᠋ᠢᠨ ᠳᠡᠳ᠋ ᠲᠡᠷᠢᠭᠦᠯᠡᠭᠴᠢ ᠣᠳᠣ ᠪᠣᠯᠲᠠᠯ᠎ᠠ ︽ ᠲᠤᠭᠳᠤᠯᠵᠤ ᠬᠤᠨᠤᠭᠰᠠᠨ ᠰᠠᠷᠠ ︾ ᠰᠢᠯᠦᠭ ᠦ᠋ᠨ ᠲᠡᠭᠦᠪᠦᠷᠢ ︵ 2008 ᠣᠨ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠦ᠋ᠨ ᠬᠣᠷᠢᠶ᠎ᠠ ︶ ︽ ᠵᠠ‍ ᠂ ᠷᠢᠨᠴᠢᠨ ‍ᠣ ᠤᠷᠠᠨ ᠪᠢᠴᠢᠯᠭᠡ ︾ ︵ 2008 ᠣᠨ ᠥᠪᠦᠷ ᠮᠣᠩᠭᠤᠯ ᠤ᠋ᠨ ᠪᠠᠭᠠᠴᠤᠳ ᠭᠡᠦᠭᠡᠳ ᠤᠨ ᠬᠡᠪᠯᠡᠯ ᠦ᠋ᠨ ᠬᠣᠷᠢᠶ᠎ᠠ ︶ ︽ ᠰᠠᠺᠦᠷᠠ ‍ᠳ᠋ᠥ ᠤᠳᠤᠭᠳᠠᠭᠰᠠᠨ ᠠᠶᠠᠯᠭᠤᠨ ︾ ︵ ᠵᠠ‍ ᠂ ᠷᠢᠨᠴᠢᠨ ‍ᠣ ᠤᠷᠠᠨ ᠪᠢᠴᠢᠯᠭᠡ ᠂ ᠬᠠᠶᠢᠺᠦ ᠰᠢᠯᠦᠭ ︶ ︵ 2011 ᠣᠨ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶ᠎ᠠ ︶ ᠪᠠᠨ ᠭᠡᠪᠯᠡᠬᠦᠯᠦᠨ ᠲᠠᠷᠬᠠᠭᠠᠪᠠ ᠃