ᠨᠡᠷ᠎ᠡ:
ᠳ᠋ᠠ ᠂ ᠳ᠋ᠣᠫᠠ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠳ᠋ᠠ ᠂ ᠳ᠋ᠣᠫᠠ 1967 ᠣᠨ ᠣ 6 ᠰᠠᠷ᠎ᠠ ᠶᠢᠨ 25 ᠡᠳᠦᠷ ᠰᠢᠨᠵᠢᠶᠠᠩ ᠣᠨ ᠢᠯᠢ ᠵᠧᠦ ᠶᠢᠨ ᠮᠣᠩᠭᠣᠯᠬᠦᠢᠷᠢᠶᠡ ᠰᠢᠶᠠᠨ ᠣ ᠲᠠᠷᠪᠤᠵᠢ ᠭᠡᠳᠡᠭ ᠥᠯᠵᠡᠢᠲᠡᠢ ᠭᠠᠵᠠᠷ ᠳ᠋ᠣᠭᠤᠯᠵᠠᠪ ᠤᠨ ᠳ᠋ᠠᠸᠠᠴᠡᠷᠡᠨ ᠪᠣᠯᠣᠨ ᠰᠠᠨᠵᠠᠢ ᠶᠢᠨ ᠫᠦᠵᠡᠢ ᠶᠢᠨ ᠳᠥᠷᠪᠡᠳᠦᠭᠡᠷ ᠬᠦᠦ ᠪᠣᠯᠤᠨ ᠵᠠᠶᠠᠭᠠᠭᠳᠠᠵᠠᠢ ᠃ 1988 ᠣᠨ ᠣ 7 ᠰᠠᠷ᠎ᠠ ᠳ᠋ᠤ᠌ ᠰᠢᠨᠵᠢᠶᠠᠩ ᠤᠨ ᠮᠣᠩᠭᠤᠯ ᠪᠠᠭᠰᠢ ᠶᠢᠨ ᠰᠤᠷᠭᠠᠭᠤᠯᠢ ᠡᠴᠡ ᠰᠤᠷᠤᠯᠭ᠎ᠠ ᠲᠡᠭᠦᠰᠭᠡᠵᠦ ᠮᠣᠩᠭᠣᠯᠬᠦᠢᠷᠢᠶᠡ ᠰᠢᠶᠠᠨ ᠣ ᠦᠢᠯᠡᠳᠪᠦᠷᠢ ᠬᠤᠳᠠᠯᠳᠤᠭ᠎ᠠ ᠵᠠᠰᠠᠭ ᠵᠠᠬᠢᠷᠭᠠᠨ ᠣ ᠬᠠᠮᠢᠶᠠᠷᠤᠯᠲᠠ ᠶᠢᠨ ᠲᠣᠪᠴᠢᠶ᠎ᠠ ᠳ᠋ᠥ ᠠᠵᠢᠯ ᠣᠨ ᠬᠤᠪᠢᠶᠠᠷᠢ ᠠᠪᠴᠤ ᠣᠳᠣ ᠪᠣᠯᠲᠠᠯ᠎ᠠ ᠪᠦᠬᠦᠯᠢ ᠠᠮᠢ ᠨᠠᠰᠤ ᠨᠢ ᠪᠡᠨ ᠬᠠᠪᠤᠷ ᠵᠣᠨ ᠢ ᠡᠯᠡᠭᠡᠵᠦ ᠣᠳᠣ ᠳᠡᠳ᠋ ᠡᠷᠬᠢᠯᠡᠭᠴᠢ ᠶᠢᠨ ᠠᠯᠪᠠᠲᠠᠨ ᠣ ᠠᠯᠳᠠᠷ ᠵᠢᠷᠤᠮᠲᠤ ᠡᠭᠦᠷᠭᠡ ᠶᠢ ᠡᠭᠦᠷᠭᠡᠯᠡᠵᠦ ᠠᠵᠢᠯᠯᠠᠵᠤ ᠪᠣᠢ ᠃ ᠳ᠋ᠠ ᠂ ᠳ᠋ᠣᠫᠠ 1984 ᠣᠨ ᠳ᠋ᠤ᠌ ︽ ᠮᠢᠨᠤ ᠵᠣᠷᠢᠭ ︾ ᠬᠡᠮᠡᠬᠦ ᠤᠤᠭᠠᠨ ᠰᠢᠯᠦᠭ ᠢᠶᠡᠨ ︽ ᠰᠢᠨᠵᠢᠶᠠᠩ ᠤᠨ ᠡᠳᠦᠷ ᠦᠨ ᠰᠣᠨᠢᠨ ︾ ᠳ᠋ᠤ᠌ ᠨᠡᠶᠢᠳᠡᠭᠦᠯᠦᠭᠰᠠᠨ ᠡᠴᠡ ᠠᠪᠤᠭᠠᠳ ᠣᠳᠣ ᠬᠦᠷᠲᠡᠯ᠎ᠡ ᠤᠯᠤᠰ ᠤᠨ ᠳᠣᠲᠣᠭᠠᠳᠤ ᠶᠢᠨ ᠮᠣᠩᠭᠤᠯ ᠰᠣᠨᠢᠨ ᠰᠡᠳᠭᠦᠯ ᠳᠡᠭᠡᠷ᠎ᠡ 100 ᠭᠠᠷᠤᠢ ᠰᠢᠯᠦᠭ ᠂ ᠥᠭᠦᠯᠡᠯᠭᠡ ᠂ ᠨᠠᠢᠷᠠᠭᠤᠯᠤᠯ ᠂ ᠡᠷᠳᠡᠮ ᠰᠢᠨᠵᠢᠯᠡᠭᠡᠨ ᠣ ᠥᠭᠦᠯᠡᠯ ᠂ ᠠᠶᠠᠯᠠᠯ ᠤᠨ ᠲᠡᠮᠳᠡᠭᠯᠡᠯ ᠂ ᠱᠣᠭ ᠶᠦᠮᠦᠷ ᠵᠡᠷᠭᠡ ᠣᠯᠠᠨ ᠰᠲ᠋ᠢᠯᠢ ᠶᠢᠨ ᠵᠣᠬᠢᠶᠠᠯ ᠪᠦᠲᠦᠭᠡᠯ ᠢ᠋ᠶ᠋ᠡᠨ ᠨᠡᠢᠲᠡᠯᠡᠵᠡᠢ ᠃ ᠡᠭᠦᠨ ᠣ ᠬᠠᠮᠲᠤ ᠪᠠᠰᠠ ᠨᠠᠮ ᠤᠨ ᠰᠣᠨᠢᠨ ᠰᠡᠳᠭᠦᠯ ᠂ ᠰᠣᠨᠢᠨ ᠮᠡᠳᠡᠭᠡ ᠨᠢ ᠵᠣᠪᠬᠢᠰ ᠲᠤ᠌ ᠦᠷᠭᠦᠯᠵᠢ ᠶᠢᠨ ᠴᠢᠨᠡᠷ ᠲᠠᠢ ᠢᠳᠡᠪᠬᠢᠲᠡᠢ ᠲᠠᠢ ᠪᠠᠷ 3000 ᠭᠠᠷᠤᠢ ᠬᠤᠪᠢ ᠰᠣᠨᠢᠨ ᠮᠡᠳᠡᠭᠡᠨ ᠣ ᠡᠬᠡ ᠪᠢᠴᠢᠭ ᠢᠯᠡᠭᠡᠵᠦ ᠨᠢᠭᠡ ᠬᠡᠰᠡᠭ ᠴᠢᠮᠡᠭᠡ ᠴᠢᠮᠡᠭᠡᠯᠡᠯ ᠨᠢ ︽ ᠰᠢᠨᠵᠢᠶᠠᠩ ᠤᠨ ᠡᠳᠦᠷ ᠦᠨ ᠰᠣᠨᠢᠨ ︾ ᠪᠠ ︽ ᠰᠢᠨᠵᠢᠶᠠᠩ ᠤᠨ ᠠᠷᠠᠳ ᠤᠨ ᠷᠠᠳᠢᠣ᠋ ᠬᠣᠷᠢᠶ᠎ᠠ ︾ ᠤ ᠨᠢᠭᠡ ᠂ ᠬᠣᠶᠠᠷ ᠂ ᠭᠤᠷᠪᠠᠳᠤᠭᠠᠷ ᠳᠡᠰ ᠦᠨ ᠰᠢᠯᠢᠳᠡᠭ ᠴᠢᠮᠡᠭᠡᠯᠡᠯ ᠦᠨ ᠦᠷᠲᠡᠭᠯᠡᠯ ᠳ᠋ᠥ ᠬᠦᠷᠲᠡᠭᠰᠡᠨ ᠪᠠᠢᠨ᠎ᠠ ᠃ ᠮᠥᠨ ᠴᠦ ᠥᠪᠡᠷ ᠦ᠋ᠨ ᠪᠡᠶ᠎ᠡ ᠪᠠᠷ ᠢ᠋ᠶ᠋ᠡᠨ ᠰᠢᠯᠢᠳᠡᠭ ᠴᠢᠮᠡᠭᠡᠴᠢ ᠂ ᠰᠢᠯᠢᠳᠡᠭ ᠣᠨᠴᠠ ᠵᠠᠯᠠᠭᠰᠠᠨ ᠰᠤᠷᠪᠤᠯᠵᠢᠯᠠᠭᠴᠢ ᠶᠢᠨ ᠱᠠᠩᠨᠠᠯ ᠬᠦᠭᠢᠭᠦᠯᠦᠯ ᠢ ᠣᠯᠠᠨ ᠤᠳᠠᠭ᠎ᠠ ᠲᠣᠰᠴᠠᠢ ᠃ 2008 ᠣᠨ ᠳ᠋ᠤ᠌ ᠪᠦᠬᠦ ᠰᠢᠨᠵᠢᠶᠠᠩ ᠤᠨ ᠦᠢᠯᠡᠳᠪᠦᠷᠢ ᠬᠤᠳᠠᠯᠳᠤᠭ᠎ᠠ ᠨᠢ ᠰᠢᠰᠲ᠋ᠧᠮ ᠦᠨ ᠭᠡᠷᠡᠯ ᠵᠢᠷᠤᠭ ᠂ ᠤᠷᠠᠨ ᠵᠢᠷᠤᠭ ᠂ ᠦᠰᠦᠨ ᠪᠢᠷ ᠦᠨ ᠪᠢᠴᠢᠯᠭᠡ ᠶᠢᠨ ᠦᠵᠡᠭᠦᠯᠦᠯᠭᠡ ᠳᠡᠭᠡᠷ᠎ᠡ ᠲᠡᠭᠦᠨ ᠣ ᠪᠢᠴᠢᠭᠰᠡᠨ ︽ ᠠᠷᠢᠭᠤᠨ ᠭᠠᠯ ︾ ᠭᠡᠮᠡᠬᠦ ᠴᠣᠷ ᠤ᠋ᠨ ᠭᠠᠭᠴᠠ ᠪᠣᠰᠣᠭ᠎ᠠ ᠮᠣᠩᠭᠤᠯ ᠦᠰᠦᠭ ᠲᠠᠢ ᠦᠰᠦᠨ ᠪᠢᠷ ᠦᠨ ᠪᠢᠴᠢᠯᠭᠡ ᠨᠢ ᠬᠠᠮᠤᠭ ᠤᠨ ᠦᠨᠳᠦᠷ ᠣᠨᠴᠠ ᠳᠡᠰ ᠦᠨ ᠱᠠᠩᠨᠠᠯ ᠳ᠋ᠥ ᠲᠣᠳᠣᠷᠠᠪᠠ ᠃ 2015 ᠣᠨ ᠣ 7 ᠰᠠᠷ᠎ᠠ ᠶᠢᠨ 31 ᠡᠳᠦᠷ ᠃ ᠬᠣᠪᠤᠭᠰᠠᠢᠷ ᠰᠢᠶᠠᠨ ᠣ ᠲᠠᠪᠤᠳᠤᠭᠠᠷ ᠤᠳᠠᠭᠠᠨ ᠣ ︽ ᠬᠡ ᠵᠢᠯᠠᠭᠠᠨ ︾ ᠬᠤᠨᠳᠠᠭᠠᠲᠤ ᠢᠷᠠᠭᠤ ᠨᠠᠢᠷᠠᠭ ᠤ᠋ᠨ ᠨᠠᠭᠠᠳᠤᠮ ᠳ᠋ᠥ ︽ ᠪᠢ ︕ ᠵᠡᠭᠦᠳᠦᠯᠡᠪᠡ ︾ ᠭᠡᠬᠦ ᠢᠷᠠᠭᠤ ᠨᠠᠢᠷᠠᠭ ᠪᠡᠨ ᠤᠶᠠᠩᠭᠠᠯᠠᠵᠤ ᠰᠢᠯᠢᠳᠡᠭ ᠳᠡᠰ ᠦᠨ ᠱᠠᠩᠨᠠᠯ ᠲᠣᠰᠪᠠ ᠃ 2017 ᠣᠨ ᠣ ᠡᠪᠦᠯ ᠮᠣᠩᠭᠣᠯᠬᠦᠢᠷᠢᠶᠡ ᠰᠢᠶᠠᠨ ᠣ ᠠᠩᠬᠠᠳᠤᠭᠠᠷ ᠤᠳᠠᠭᠠᠨ ᠣ ︽ ᠠᠯᠲᠠᠨ ᠴᠡᠭᠡᠵᠢ ︾ ᠨᠡᠷᠡᠮᠵᠢᠲᠦ ᠰᠢᠯᠦᠭ ᠦᠨ ᠮᠥᠷᠦᠢᠴᠡᠭᠡᠨ ᠳ᠋ᠥ ᠭᠤᠷᠪᠠᠳᠤᠭᠠᠷ ᠳᠡᠰ ᠳ᠋ᠥ ᠣᠷᠣᠪᠠ ᠃ ᠣᠳᠣ ᠰᠢᠨᠵᠢᠶᠠᠩ ᠤᠨ ᠣᠶᠢᠷᠡᠳ ᠰᠣᠳᠣᠯᠠᠯ ᠤᠨ ᠨᠡᠢᠭᠡᠮᠯᠢᠭ ᠦ᠋ᠨ ᠭᠡᠰᠢᠭᠦᠨ ᠂ ᠰᠢᠨᠵᠢᠶᠠᠩ ᠤᠨ ᠤᠷᠠᠨ ᠵᠣᠬᠢᠶᠠᠯᠴᠢᠳ ᠤᠨ ᠨᠡᠢᠭᠡᠮᠯᠢᠭ ᠦ᠋ᠨ ᠭᠡᠰᠢᠭᠦᠨ ᠂ ᠰᠢᠨᠵᠢᠶᠠᠩ ᠤᠨ ᠠᠷᠠᠳ ᠤᠨ ᠷᠠᠳᠢᠣ᠋ ᠨᠡᠪᠲᠡᠷᠡᠯᠦᠭᠡ ᠶᠢᠨ ᠬᠣᠷᠢᠶ᠎ᠠ ᠶᠢᠨ ᠣᠨᠴᠠ ᠵᠠᠯᠠᠭᠰᠠᠨ ᠰᠤᠷᠪᠤᠯᠵᠢᠯᠠᠭᠴᠢ ᠂ ᠢᠯᠢ ᠬᠠᠰᠠᠭ ᠥᠪᠡᠷᠲᠡᠭᠡᠨ ᠵᠠᠰᠠᠬᠤ ᠵᠸᠤ ᠶᠢᠨ ᠮᠣᠩᠭᠤᠯ ᠰᠣᠶᠤᠯ ᠤᠨ ᠨᠡᠢᠭᠡᠮᠯᠢᠭ ᠤᠨ ᠳᠡᠳ᠋ ᠨᠠᠷᠢᠨ ᠪᠢᠴᠢᠭ ᠤᠨ ᠳᠠᠷᠤᠭ᠎ᠠ ᠂ ᠮᠣᠩᠭᠣᠯᠬᠦᠢᠷᠢᠶᠡ ᠰᠢᠶᠠᠨ ᠣ ᠤᠷᠠᠨ ᠵᠣᠬᠢᠶᠠᠯᠴᠢᠳ ᠤᠨ ᠨᠡᠢᠭᠡᠮᠯᠢᠭ ᠦ᠋ᠨ ᠳᠡᠳ᠋ ᠨᠠᠷᠢᠨ ᠪᠢᠴᠢᠭ ᠦ᠋ᠨ ᠳᠠᠷᠤᠭ᠎ᠠ ᠂ ᠮᠣᠩᠭᠣᠯᠬᠦᠢᠷᠢᠶᠡ ᠰᠢᠶᠠᠨ ᠣ ᠦᠭᠡᠯᠡᠳ ᠮᠣᠩᠭᠤᠯ ᠰᠣᠶᠤᠯ ᠤ᠋ᠨ ᠨᠡᠢᠭᠡᠮᠯᠢᠭ ᠦ᠋ᠨ ᠳᠡᠳ᠋ ᠳᠠᠷᠤᠭ᠎ᠠ ᠂ ᠮᠣᠩᠭᠣᠯᠬᠦᠢᠷᠢᠶᠡ ᠰᠢᠶᠠᠨ ᠣ ᠦᠢᠯᠡᠳᠪᠦᠷᠢ ᠬᠤᠳᠠᠯᠳᠤᠭ᠎ᠠ ᠨᠢ ᠰᠣᠶᠤᠯ ᠤ᠋ᠨ ᠨᠡᠢᠭᠡᠮᠯᠢᠭ ᠦ᠋ᠨ ᠭᠡᠰᠢᠭᠦᠨ ᠵᠡᠷᠭᠡ ᠨᠡᠶᠢᠭᠡᠮ ᠨᠡᠶᠢᠲᠡ ᠳ᠋ᠥ ᠳᠠᠷᠬᠠᠨ ᠡᠭᠦᠷᠭᠡ ᠬᠠᠷᠢᠭᠤᠴᠢᠯᠤᠭᠠ ᠲᠠᠢ ᠮᠣᠩᠭᠤᠯ ᠰᠣᠶᠤᠯ ᠭᠡᠭᠡᠷᠡᠯ ᠦᠨ ᠦᠢᠯᠡᠰ ᠲᠦ᠍ ᠵᠣᠬᠢᠬᠤ ᠬᠤᠪᠢ ᠨᠡᠮᠡᠭᠦᠷᠢ ᠪᠡᠨ ᠡᠷᠭᠦᠬᠦ ᠪᠠᠷ ᠴᠢᠷᠮᠠᠢᠨ ᠵᠢᠳᠬᠦᠵᠦ ᠪᠣᠢ ᠃
Copyight 2016 by nmgmzw.gov.cn All Rights Reserved