ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠶ‍᠊ ᠂ ᠵᠢᠷᠭᠠᠯᠳᠠᠯᠠᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠶ‍᠊ ᠊ ᠵᠢᠷᠭᠠᠯᠳᠠᠯᠠᠢ ᠄ ᠣᠣᠯ ᠤᠨ ᠶᠡᠬᠡ ᠵᠤᠤ ᠠᠢᠮᠠᠭ ᠤ᠋ᠨ ᠪᠠᠷᠠᠭᠤᠨ ᠪᠡᠶ᠎ᠡ  ᠶᠢᠨ ᠪᠣᠯᠠᠭ ᠰᠤᠮᠤᠨ ᠤ᠋ ᠬᠢᠵᠡᠭᠠᠷ ᠤᠨ ᠬᠠᠯᠵᠠᠨ ᠪᠣᠯᠠᠭ ᠭᠡᠮᠡᠭᠥ ᠨᠣᠳᠣᠭ ᠲᠤ᠌ ᠳᠦᠷᠥᠪᠡ ᠃ ᠪᠠᠭᠰᠢ  ᠶᠢᠨ ᠠᠯᠪᠠᠨ ᠳᠠᠢ ᠂ ᠥᠪᠦᠷ ᠮᠣᠩᠭᠤᠯ ᠤ᠋ᠨ ᠵᠣᠭᠢᠶᠯᠴᠢᠳ ᠤᠨ ᠡᠪᠯᠡᠯ ᠦ᠋ᠨ ᠭᠡᠰᠢᠭᠦᠨ ᠂ ᠣᠷᠳᠣᠰ ᠬᠣᠲᠠ ᠶ᠋ᠢᠨ ᠵᠣᠬᠢᠶᠠᠯᠴᠢᠳ ᠤ᠋ᠨ ᠡᠪᠯᠡᠯ ᠦ᠋ᠨ ᠬᠡᠷᠡᠭ ᠡᠷᠭᠢᠯᠡᠭᠴᠢ ᠂ ᠣᠷᠳᠣᠰ ᠤᠨ ᠠᠷᠠᠳ ᠤᠨ ᠵᠣᠭᠢᠶᠠᠯᠴᠢᠳ ᠣᠷᠯᠢᠭᠴᠢᠳ ᠤᠨ ᠡᠪᠯᠡᠯ ᠦ᠋ᠨ ᠭᠡᠰᠢᠭᠦᠨ ᠂ ᠣᠳᠣᠭ ᠤᠨ ᠡᠮᠦᠨᠡᠳᠣ ᠬᠣᠰᠢᠭᠣᠨ ᠤ ᠵᠣᠬᠢᠶᠠᠯᠴᠢᠳ ᠤᠨ ᠡᠪᠯᠡᠯ ᠦ᠋ᠨ ᠳᠡᠳ᠋ ᠳᠡᠷᠢᠭᠦᠯᠡᠭᠴᠢ ᠃ ︽ ᠬᠤᠨ ᠭᠠᠯᠠᠭᠣ ︾ ᠰᠡᠳᠭᠦᠯ ᠤᠨ1987 ᠣᠨ ᠤ 5 ‍ᠳ᠋ᠣᠭᠠᠷ ᠬᠣᠭᠣᠴᠠᠭ᠎ᠠ ᠳᠡᠭᠡᠷ᠎ᠡ ︽ ᠳᠠᠭᠳᠠᠭ᠎ᠠ ᠪᠢᠳᠡᠭᠡᠢ ᠴᠢᠯᠠᠭᠣᠳᠠ ︾ ᠭᠡᠮᠡᠭᠥ ᠰᠢᠯᠦᠭ  ᠢ᠋ᠶ᠋ᠡᠨ ᠨᠡᠢᠲᠡᠯᠡᠭᠦᠯᠦᠭᠰᠡᠨ ᠠᠴᠠ ᠨᠠᠰᠢ ᠡᠳᠦᠭᠡ ᠪᠣᠯᠲᠠᠯ᠎ᠠ ︽ ᠥᠨᠢᠷ ᠴᠡᠴᠡᠭ ︾ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ︽ ᠥᠪᠦᠷ ᠮᠣᠩᠭᠤᠯ ᠤ᠋ᠨ ᠵᠠᠯᠠᠭᠣᠴᠣᠳ ︾ ︽ ᠴᠣᠮᠣᠷᠯᠢᠭ ︾ ︽ ᠨᠠᠶᠢᠭᠡᠮ ︾ ︽ ᠴᠡᠴᠡᠭᠳᠣ ᠴᠠᠢᠳᠠᠮ ︾ ︽ ᠬᠣᠯᠪᠣᠭ᠎ᠠ ︾ ︽ ᠴᠢᠩᠭᠢᠰ ︾ ᠵᠡᠷᠭᠡ ᠣᠷᠤᠨ ᠤ᠋ ᠳᠣᠳᠣᠨ᠎ᠠ ᠭᠠᠳᠠᠨᠠᠭᠢ ᠮᠣᠩᠭᠤᠯ ᠰᠣᠨᠢᠨ ᠰᠡᠳᠭᠦᠯ ᠰᠦᠯᠵᠢᠶ᠎ᠡ ᠨᠣᠭᠦᠳ  ᠢᠶᠠᠷ 500 ᠭᠠᠷᠤᠢ ᠬᠤᠪᠢ ᠵᠣᠭᠢᠶᠠᠯ ᠪᠦᠲᠦᠭᠡᠯ ᠨᠡᠢᠲᠡᠯᠡᠭᠦᠯᠵᠡᠢ ᠃ ︽ ᠬᠣᠷᠢᠳᠣᠭᠠᠷ ᠵᠠᠭᠣᠨ ᠤ ᠳᠣᠮᠳᠠᠳᠣ ᠤᠯᠤᠰ ᠤ᠋ᠨ ᠮᠣᠩᠭᠤᠯ ᠤᠷᠠᠨ ᠵᠣᠭᠢᠶᠠᠯ ᠤᠨ ᠰᠡᠳᠭᠦᠯ ᠤᠨ ᠳᠡᠭᠡᠵᠢ ᠪᠢᠴᠢᠭ︾ ︽ ᠪᠠᠶᠠᠨ ᠬᠠᠩᠭᠠᠢ ︾ ︽ ᠮᠣᠩᠭᠤᠯ ᠡᠵᠢ  ᠶᠢᠨ ᠭᠦᠣ ︾ ︽ ᠵᠠᠯᠠᠭᠤ ᠨᠠᠰᠤᠨ ᠤ᠋ ᠤᠶᠠᠩᠭ᠎ᠠ ︾ ︽ ᠬᠠᠳᠠᠨ ᠪᠢᠴᠢᠭ ︾ ᠵᠡᠷᠭᠡ ᠳᠡᠭᠦᠪᠦᠷᠢ ᠨᠣᠭᠦᠳ ᠲᠣ ᠪᠦᠲᠦᠭᠡᠯ ᠨᠢ ᠰᠢᠯᠢᠭᠳᠡᠨ ᠂ ︽ ᠳᠠᠭᠳᠠᠭ᠎ᠠ ᠪᠢᠳᠡᠭᠡᠢ ᠴᠢᠯᠠᠭᠣᠳᠠ ︾ ᠭᠡᠬᠦ ᠰᠢᠯᠦᠭ ᠨᠢ ᠪᠠᠭ᠎ᠠ ᠰᠤᠷᠭᠠᠭᠤᠯᠢ ᠶ᠋ᠢᠨ ᠤᠩᠰᠢᠬᠤ ᠪᠢᠴᠢᠭ ᠲᠦ᠍ ᠰᠣᠩᠭᠣᠭᠳᠠᠨ ᠣᠷᠣᠪᠠ ᠃ ︽ ᠬᠠᠯᠵᠠᠨ ᠪᠣᠯᠠᠭ ᠤᠨ ᠭᠡᠣᠭᠡᠳ ᠨᠠᠰᠣ ︾ ᠭᠡᠳᠡᠭ ᠰᠢᠯᠦᠭ ᠨᠢ ᠦᠪᠡᠷᠳᠡᠭᠡᠨ ᠵᠠᠰᠠᠬᠣ ᠣᠷᠤᠨ ᠤ᠋ ᠠᠷᠪᠠᠳᠤᠭᠠᠷ ᠬᠣᠭᠣᠴᠠᠭᠠᠨ ᠤ ᠳᠠᠯ᠎ᠠ ᠨᠤᠲᠤᠭ ᠤ᠋ᠨ ᠰᠣᠶᠤᠯ ᠤ᠋ᠨ ᠨᠠᠶᠢᠷ ᠤᠨ ︽ ᠨᠤᠲᠤᠭ ᠤ᠋ᠨ ᠴᠡᠩᠭᠡᠷ ᠤᠶᠠᠩᠭ᠎ᠠ ︾ ᠢᠷᠠᠭᠤ ᠨᠠᠢᠷᠠᠭ ᠤ᠋ᠨ ᠦᠳᠡᠰᠢᠯᠡᠭᠡ ᠳᠡᠭᠡᠷ᠎ᠡ ᠰᠣᠩᠭᠣᠭᠳᠠᠨ ᠣᠶᠠᠩᠭᠠᠯᠠᠭᠳᠠᠭᠰᠠᠨ ᠪᠥᠭᠡᠳ ᠮᠥᠨ ᠥᠪᠦᠷ ᠮᠣᠩᠭᠤᠯ ᠤ᠋ᠨ ᠮᠣᠩᠭᠤᠯ ᠣᠳᠣᠨ ᠲᠧᠯᠧᠢᠰ ᠤᠨ ᠤᠷᠤᠰᠭᠠᠯ ᠳᠡᠯᠭᠡᠴᠠ  ᠶᠢᠨ ︽ ᠭᠡᠷᠡᠯ ᠲᠠᠢ ᠴᠣᠩᠬᠣ ︾ ᠪᠣᠯᠣᠩ  ᠢᠶᠠᠷ ᠳᠣᠰᠬᠠᠢ ᠮᠡᠷᠭᠡᠵᠢᠯᠳᠠᠨ ᠤ ᠦᠨᠡᠯᠡᠭᠡ ᠳᠠᠢ ᠪᠠᠷ ᠨᠡᠪᠳᠡᠷᠡᠭᠦᠯᠥᠭᠳᠡᠵᠠᠢ ᠃ ︽ ᠠᠮᠣᠭᠣᠯᠠᠩ ᠴᠠᠭᠠᠨ ᠡᠭᠦᠯᠡᠨ ᠤ ᠳᠣᠣᠷ᠎ᠠ ᠨᠣᠳᠣᠭ ᠮᠢᠨᠢ ᠪᠣᠢ ︾ ᠰᠢᠯᠦᠭ ᠨᠢ ᠠᠷᠪᠠᠨ ᠳᠠᠪᠣᠳᠣᠭᠠᠷ ᠬᠣᠭᠣᠴᠠᠭᠠᠨ ᠤ ᠳᠠᠯ᠎ᠠ ᠨᠤᠲᠤᠭ ᠤ᠋ᠨ ᠰᠣᠶᠤᠯ ᠤ᠋ᠨ ᠨᠠᠶᠢᠷ ᠤᠨ ᠢᠷᠠᠭᠤ ᠨᠠᠢᠷᠠᠭ ᠤ᠋ᠨ ᠮᠥᠴᠡᠯᠭᠡ ‍ᠳ᠋ᠥ ᠰᠣᠩᠭᠣᠭᠳᠠᠨ ᠣᠩᠰᠢᠭᠳᠠᠪᠠ ᠃ ︽ ᠭᠡᠰᠢᠭᠪᠠᠳᠣ ︾ ᠨᠡᠷᠡᠮᠵᠢᠳᠣ ᠢᠷᠠᠭᠤ ᠨᠠᠢᠷᠠᠭ ᠤ᠋ᠨ ᠵᠣᠭᠢᠶᠠᠨ ᠪᠠᠢᠭᠤᠯᠬᠤ ᠺᠣᠮᠢᠰ  ᠠᠴᠠ ᠡᠷᠭᠢᠯᠡᠭᠰᠡᠨ ᠠᠩᠬᠠᠳᠤᠭᠠᠷ ᠣᠳᠠᠭᠠᠨ ᠤ ᠪᠦᠭᠥ ᠤᠯᠤᠰ ᠤ᠋ᠨ ︽ ᠬᠡᠰᠢᠭᠪᠠᠲᠤ ︾ ᠢᠷᠠᠭᠤ ᠨᠠᠢᠷᠠᠭ ᠤ᠋ᠨ ᠨᠠᠭᠠᠳᠣᠮ ‍ᠳ᠋ᠥ ︽ ᠢᠯᠠᠭᠣᠭᠰᠠᠨ ᠣᠳᠣᠨ ᠨᠠᠶᠢᠷᠠᠭᠴᠢ ︾ ᠪᠠᠷ ᠱᠠᠩᠨᠠᠭᠳᠠᠵᠣ ᠂ ᠪᠦᠭᠥ ᠤᠯᠤᠰ ᠤ᠋ᠨ ᠭᠡᠪᠴᠢᠶᠡᠨ  ᠠᠴᠠ ᠪᠦᠲᠦᠭᠡᠯ ᠡᠯᠰᠡᠭᠰᠡᠨ ᠳᠦᠷᠪᠡᠳᠡᠭᠢ ᠣᠳᠠᠭᠠᠨ ᠤ ︽ ᠠᠯᠳᠠᠨ ᠣᠪᠣᠭ᠎ᠠ ︾ ᠢᠷᠠᠭᠤ ᠨᠠᠢᠷᠠᠭ ᠤ᠋ᠨ ᠨᠠᠭᠠᠳᠣᠮ ‍ᠳ᠋ᠥ ᠳᠡᠷᠢᠭᠦᠯᠡᠪᠡ ᠃ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠬᠣᠷᠢᠶᠠᠨ ᠤ ᠡᠷᠭᠢᠯᠡᠭᠰᠡᠨ ᠪᠦᠭᠦ ᠤᠯᠤᠰ ᠤ᠋ᠨ ᠭᠡᠪᠴᠢᠶᠡᠨ ᠤ ︽ ᠨᠠᠮ ᠪᠠᠶᠢᠭᠣᠯᠣᠭᠳᠠᠭᠰᠠᠨ 90 ᠵᠢᠯ ᠦ᠋ᠨ ᠤᠢ  ᠶᠢ ᠪᠡᠯᠭᠡᠯᠡᠭᠥ ᠤᠷᠠᠨ ᠵᠣᠭᠢᠶᠠᠯ ᠤᠨ ᠣᠷᠣᠯᠳᠣᠭᠠᠨ ︾ ᠤ ᠨᠢᠭᠡᠳᠦᠭᠡᠷ ᠳᠡᠰ ᠂ ︽ ᠬᠣᠨ ᠭᠠᠯᠠᠭᠣ ︾ ᠰᠡᠳᠭᠥᠯ ᠤᠨ ᠬᠣᠷᠢᠶᠠᠨ ᠤ ᠡᠷᠭᠢᠯᠡᠭᠰᠡᠨ ︽ ᠡᠷᠭᠦᠨ᠎ᠡ ᠬᠣᠨ ᠨᠡᠷᠡᠮᠵᠢᠳᠣ ︾ ᠡᠯᠰᠡᠭᠰᠡᠨ ᠵᠣᠬᠢᠶᠠᠯ ᠤᠨ ᠤᠷᠤᠯᠳᠤᠭᠠᠨ ᠤ᠋ ᠳᠡᠷᠢᠭᠦᠨ ᠱᠠᠩ ᠂ ︽ ᠠᠯᠳᠠᠨ ᠭᠠᠨᠳᠠᠷᠢ ︾ ᠤᠷᠠᠨ ᠵᠣᠭᠢᠶᠠᠯ ᠤᠨ ᠤᠷᠤᠯᠳᠤᠭᠠᠨ ᠤ᠋ ᠬᠣᠶᠠᠳᠣᠭᠠᠷ ᠨᠡᠷ᠎ᠡ ᠂ ᠠᠩᠬᠠᠳᠠᠭᠴᠢ ᠣᠳᠠᠭᠠᠨ ᠤ ᠨᠠᠢ᠍ᠮᠠᠨ ᠮᠣᠵᠢ ᠣᠷᠤᠨ  ᠤ ︽ ᠴᠢᠩᠭᠢᠰ ᠬᠠᠭᠠᠨ ᠤ ᠰᠣᠳᠣᠷ ᠪᠢᠴᠢᠭ ᠦ᠋ᠨ ᠰᠠᠩ ︾ ᠨᠡᠷᠡᠮᠵᠢᠳᠣ ᠤᠷᠠᠨ ᠵᠣᠭᠢᠶᠠᠯ ᠤᠨ ᠤᠷᠤᠯᠳᠤᠭᠠᠨ ᠤ᠋ ᠭᠣᠷᠪᠠᠳᠣᠭᠠᠷ ᠂ ᠭᠣᠷᠪᠠᠳᠣᠭᠠᠷ ᠣᠳᠠᠭᠠᠨ ᠤ ᠪᠦᠭᠦ ᠤᠯᠤᠰ ᠤ᠋ᠨ ᠮᠣᠩᠭᠤᠯ ᠰᠦᠯᠵᠢᠶᠡᠨ ᠦ᠌ ᠤᠷᠠᠨ ᠵᠣᠭᠢᠶᠠᠯ ᠤᠨ ᠤᠷᠤᠯᠳᠤᠭᠠᠨ ᠤ᠋ ᠱᠠᠩ ᠂ ᠶᠢᠰᠦᠳᠦᠭᠡᠷ ᠬᠣᠭᠣᠴᠠᠭᠠᠨ ᠤ ︽ ᠣᠷᠳᠣᠰ ᠣᠷᠡᠨ ᠵᠣᠭᠢᠶᠠᠯ ︾ ᠤᠨ ᠱᠠᠩ ᠂ ᠳᠣᠯᠣᠳᠣᠭᠠᠷ ᠣᠳᠠᠭᠠᠨ ᠤ ︽ ᠭᠢᠯᠥᠭᠡᠨ ᠤᠶᠠᠩᠭ᠎ᠠ ︾ ︾ ᠢᠷᠠᠭᠤ ᠨᠠᠢᠷᠠᠭ ᠤ᠋ᠨ ᠨᠠᠭᠠᠳᠣᠮ ᠤᠨ ᠱᠠᠩ ᠂ ᠣᠷᠳᠣᠰ ᠬᠣᠲᠠ ᠶ᠋ᠢᠨ ᠠᠩᠬᠠᠳᠤᠭᠠᠷ ᠬᠣᠭᠣᠴᠠᠭᠠᠨ ᠤ ︽ ᠴᠠᠬᠢᠷᠮ᠎ᠠ ᠴᠡᠴᠡᠭ ︾ ᠤᠳᠭ᠎ᠠ ᠤᠷᠠᠯᠢᠭ ᠤ᠋ᠨ ᠱᠠᠩ ᠂ ᠣᠳᠣᠭ ᠤᠨ ᠡᠮᠦᠨᠡᠲᠦ ᠬᠣᠰᠢᠭᠤ ᠪᠠᠶᠢᠭᠣᠯᠣᠭᠳᠠᠭᠰᠠᠨ 30 ᠵᠢᠯ ᠦ᠋ᠨ ᠣᠢ  ᠶᠢ ᠪᠡᠯᠭᠡᠯᠡᠬᠦ ᠤᠷᠠᠨ ᠵᠣᠭᠢᠶᠠᠯ ᠤᠨ ᠱᠠᠩᠨᠠᠯᠲᠤ ᠤᠷᠤᠯᠳᠤᠭᠠᠨ ᠤ᠋ ᠨᠢᠭᠡᠳᠦᠭᠡᠷ ᠳᠡᠰ ᠂ ᠁ ᠵᠡᠷᠭᠡ ᠡᠯ᠎ᠡ ᠱᠠᠲᠤᠨ ᠤ᠋ ᠱᠠᠩᠨᠠᠯ ᠬᠥᠬᠢᠭᠦᠯᠦᠯ ᠢ᠋ 40 ᠭᠠᠷᠤᠢ ᠤᠳᠠᠭ᠎ᠠ ᠲᠤᠰᠪᠠ ᠃ 2018 ᠣᠨ ‍ᠳ᠋ᠥ ᠭᠣᠷᠪᠠᠨ ᠮᠦᠷᠳᠣ ᠰᠢᠯᠦᠭ ᠨᠢ ᠶᠠᠫᠣᠨ ᠤᠯᠤᠰ ᠤ᠋ᠨ ︽ ᠭᠢᠨᠶᠦ᠋ ︾ ᠰᠡᠳᠭᠦᠯ  ᠠᠴᠠ ᠡᠷᠬᠢᠯᠡᠭᠰᠡᠨ ᠬᠠᠶᠢᠺᠦ ᠰᠢᠯᠦᠭ ᠦ᠋ᠨ ᠣᠷᠣᠯᠳᠣᠭᠠᠨ ‍ᠳ᠋ᠥ ᠰᠢᠯᠢᠳᠡᠭ ᠱᠠᠩᠨᠠᠯ ‍ᠳ᠋ᠥ ᠳᠣᠳᠣᠷᠠᠵᠣ ᠳᠣᠰ ᠰᠡᠳᠭᠦᠯ ‍ᠳ᠋ᠥ ᠨᠡᠶᠢᠳᠡᠯᠡᠭᠳᠡᠪᠡ ᠃ ︽ ᠳᠦᠭᠦᠳᠡᠭᠡᠷ ᠮᠣᠳᠣ ︾ ︽ ᠢᠨᠵᠠᠭᠠᠨ ᠳᠠᠭᠤ ᠲᠠᠢ ᠨᠣᠳᠣᠭ》︽ ᠴᠢᠩᠭᠢᠰ ᠭᠡᠯᠡᠨ ᠤ ᠰᠢᠪᠠᠭᠣ ︾ ᠵᠡᠷᠭᠡ ᠨᠣᠮ ‍ᠣᠳ ᠲᠤ ᠣᠷᠣᠰᠢᠯ ᠪᠢᠴᠢᠨ ᠦᠭᠴᠣ ᠂ ︽ ᠠᠯᠳᠠᠨ ᠣᠪᠣᠭ᠎ᠠ ︾ ︽ ᠦᠣᠰᠢᠨ ᠰᠣᠶᠤᠯ ᠵᠠᠭᠣᠴᠢ ︾ ︽ ᠭᠦᠯᠦᠭ ᠤᠨ ᠦᠣᠷᠰᠡᠯ ︾ ᠵᠡᠷᠭᠡ ᠰᠢᠯᠦᠭ ᠦ᠋ᠨ ᠣᠷᠣᠯᠳᠣᠭᠠᠨ ‍ᠳ᠋ᠥ ᠭᠢᠨᠠᠭᠴᠢ ᠪᠠᠷ ᠠᠵᠢᠯᠯᠠᠵᠠᠢ ᠃ ︽ ᠥᠨᠢᠷ ᠴᠡᠴᠡᠭ ︾ ︽ᠠᠯᠲᠠᠨ ᠭᠠᠨᠳᠠᠷᠢ ︾ ᠵᠡᠷᠭᠡ ᠰᠡᠳᠭᠦᠯ ‍ᠣᠳ ᠤᠨ ᠲᠡᠷᠢᠭᠦᠨ ᠨᠢᠭᠣᠷ ‍ᠣᠳ  ᠢᠶᠠᠷ ᠰᠢᠯᠦᠭ ᠵᠣᠬᠢᠶᠠᠯ  ᠢ᠋ᠶ᠋ᠡᠨ ᠣᠯᠠᠨᠲᠠ ᠨᠡᠶᠢᠲᠡᠯᠡᠭᠦᠯᠵᠣ 2012 ᠣᠨ ᠤ ︽ ᠠᠯᠲᠠᠨ ᠭᠠᠨᠳᠠᠷᠢ ︾ ᠰᠡᠳᠭᠦᠯ ᠨᠢᠭᠡᠳᠦᠭᠡᠷ ᠬᠣᠭᠣᠴᠠᠭ᠎ᠠ ᠳᠡᠭᠡᠷ᠎ᠡ ᠪᠠᠨ ᠳᠣᠰᠬᠠᠢ ᠨᠢᠭᠣᠷ  ᠢᠶᠠᠷ ᠵᠢᠷᠣᠭ ᠰᠡᠭᠦᠳᠡᠷ ᠳᠠᠢ ᠪᠠᠷ ᠲᠠᠨᠢᠯᠴᠠᠭᠣᠯᠪᠠ ᠃ ᠣᠷᠴᠢᠮ ᠤᠨ ᠵᠢᠯ ᠡᠴᠡ ᠨᠡᠯᠢᠶᠡᠳ ᠣᠯᠠᠨ ᠳᠠᠭᠣᠣ  ᠶᠢᠨ ᠦᠭᠡ ᠪᠢᠴᠢᠵᠣ ᠳᠡᠭᠦᠨ ᠤ ᠳᠣᠳᠣᠷ᠎ᠠ  ᠠᠴᠠ ︽ ᠰᠦ᠋  ᠶᠢᠨ ᠦᠨᠦᠷ ᠳᠠᠢ ᠨᠣᠳᠣᠭ ︾ ᠭᠡᠮᠡᠭᠥ ᠪᠦᠲᠦᠭᠡᠯ ᠨᠢ ᠪᠦᠭᠥ ᠤᠯᠤᠰ ᠤ᠋ᠨ ︽ ᠬᠠᠨ ᠳᠡᠭᠷᠢ  ᠶᠢᠨ ᠡᠭᠡᠰᠢᠭ ︾ ᠵᠣᠭᠢᠶᠠᠯ ᠤᠨ ᠳᠠᠭᠣᠣ  ᠶᠢᠨ ᠣᠷᠣᠯᠳᠣᠭᠠᠨ ‍ᠳ᠋ᠥ ᠨᠢᠭᠡᠳᠦᠭᠡᠷ ᠳᠡᠰ ᠲᠣ ᠳᠣᠳᠣᠷᠠᠵᠣ ᠂ ︽ ᠨᠠᠭᠠᠳᠣᠮ ︾ ᠭᠡᠭᠥ ᠳᠠᠭᠣᠣ  ᠶᠢᠨ ᠰᠢᠯᠦᠭ ᠨᠢ ᠥᠪᠦᠷ ᠮᠣᠩᠭᠤᠯ ᠤ᠋ᠨ ᠠᠩᠬᠠᠳᠠᠭᠴᠢ ᠣᠳᠠᠭᠠᠨ ᠤ ᠳᠠᠭᠣᠣ  ᠶᠢᠨ ᠦᠭᠡ  ᠶᠢᠨ ᠶᠡᠬᠡ ᠣᠷᠣᠯᠳᠣᠭᠠᠨ ‍ᠳ᠋ᠥ ᠭᠣᠷᠪᠠᠳᠣᠭᠠᠷ ᠳᠠᠰ ᠤᠨ ᠱᠠᠩᠨᠠᠯ ᠲᠤᠰᠪᠠ ᠃ ︽ ᠣᠯᠵᠠᠴᠢ  ᠶᠢᠨ ᠦᠳᠡᠰᠢ ︾ ᠭᠡᠭᠥ ᠪᠦᠲᠦᠭᠡᠯ ᠨᠢ 2012 ᠣᠨ ᠤ ᠴᠠᠭᠠᠨ ᠰᠠᠷ᠎ᠠ  ᠶᠢᠨ ᠦᠳᠡᠰᠢᠯᠭᠡ ‍ᠳ᠋ᠥ ᠳᠣᠭᠯᠭᠳᠠᠨ ᠦᠵᠡᠭᠴᠢᠳ ᠰᠣᠨᠣᠰᠣᠭᠴᠢᠳ ᠤᠨ ᠰᠠᠢᠨ ᠦᠨᠡᠯᠡᠯᠳᠡ  ᠶᠢ ᠣᠯᠵᠣ ᠣᠯᠠᠨ ᠳᠦᠮᠡᠨ ᠤ ᠳᠣᠮᠳᠠ ᠳᠠᠷᠬᠠᠭᠳᠠᠨ ᠳᠠᠭᠣᠯᠠᠭᠳᠠᠵᠣ ᠂ ︽ ᠠᠶᠢᠷᠠᠭ ᠴᠢᠮᠴᠢᠬᠢᠨᠡᠭᠰᠡᠨ ᠬᠥᠳᠡᠭᠡ ︾ ᠭᠡᠬᠥ ᠳᠠᠭᠣᠣ ᠨᠢ 2018 ᠣᠨ ‍ᠳ᠋ᠥ ᠣᠷᠠᠳ ᠤᠨ ᠬᠣᠶᠢᠳᠣ ᠬᠣᠰᠢᠭᠣᠨ ᠤ ᠴᠠᠭᠠᠨ ᠰᠠᠷ᠎ᠠ  ᠶᠢᠨ ᠦᠳᠡᠰᠢᠯᠭᠡ ‍ᠳ᠋ᠥ ᠳᠠᠭᠣᠯᠠᠭᠳᠠᠨ ᠥᠪᠦᠷ ᠮᠣᠩᠭᠤᠯ ᠤ᠋ᠨ ᠣᠳᠣᠨ ᠲᠧᠯᠧᠢᠰ ᠪᠠᠷ ᠨᠡᠪᠳᠠᠷᠠᠭᠦᠯᠥᠭᠳᠡᠵᠠᠢ ᠃ 2016 ᠣᠨ ‍ᠳ᠋ᠥ ︽ ᠵᠠᠶᠠᠭ᠎ᠠ ᠳᠡᠳᠭᠦᠭᠰᠡᠨ ᠭᠣᠯᠣᠮᠳᠠ ︾ ᠭᠡᠭᠥ ᠳᠠᠭᠣᠣ ᠨᠢ ᠣᠷᠳᠣᠰ ᠬᠣᠲᠠ ᠶ᠋ᠢᠨ ᠮᠣᠩᠭᠤᠯ ᠳᠣᠮᠳᠠᠳᠣ ᠰᠣᠷᠭᠠᠭᠣᠯᠢ ᠪᠠᠶᠢᠭᠣᠯᠣᠭᠳᠠᠭᠰᠠᠨ ᠵᠢᠷᠠᠨ ᠵᠢᠯ ᠦ᠋ᠨ ᠣᠢ  ᠶᠢ ᠪᠡᠯᠡᠭᠡᠯᠡᠭᠥ ᠤᠷᠠᠨ ᠰᠠᠶᠢᠬᠠᠨ ᠤ ᠡᠳᠦᠷᠯᠢᠭ ᠤᠨ ᠭᠣᠣᠯ ᠳᠠᠭᠣᠣ ᠪᠠᠷ ᠰᠣᠩᠭᠣᠭᠳᠠᠨ ᠳᠠᠭᠣᠯᠠᠭᠳᠠᠵᠣ ᠂ ︽ ᠬᠦᠭᠡᠷᠦᠭᠦᠨ ᠰᠢᠷᠭᠣᠯᠵᠢ ︾ ︽ ᠬᠠᠢᠷᠠᠲᠠᠢ ︾ ᠵᠡᠷᠭᠡ ᠭᠡᠣᠭᠡᠳ ᠤᠨ ᠳᠠᠭᠣᠣ  ᠶᠢᠨ ᠰᠢᠯᠦᠭ ‍ᠤᠳ ᠨᠢ  ᠴᠤ᠌ ᠠᠶ᠎ᠠ ᠵᠣᠬᠢᠶᠠᠭᠳᠠᠨ ᠳᠠᠭᠣᠯᠠᠭᠳᠠᠵᠣ ᠳᠣᠰ ᠪᠦᠷᠢ ᠳᠣᠰᠬᠠᠢ ᠴᠣᠮᠤᠭ ᠲᠤ᠌ ᠣᠷᠣᠵᠠᠢ ᠃ 2008 ᠣᠨ ‍ᠳ᠋ᠥ ᠠᠩᠬᠠᠨ ᠤ ᠰᠢᠯᠦᠭ ᠦ᠋ᠨ ᠳᠡᠭᠦᠪᠦᠷᠢ ︽ ᠭᠠᠭᠴᠠᠭᠠᠷ ᠣᠷᠣᠬᠣ ᠪᠣᠷᠣᠭᠠᠨ ︾  ᠢ ᠨᠢ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ  ᠠᠴᠠ ᠭᠡᠪᠯᠡᠭᠦᠯᠵᠣ ᠂2014 ᠣᠨ ‍ᠳ᠋ᠥ ᠬᠣᠶᠠᠳᠠᠭᠢ ᠰᠢᠯᠦᠭ ᠦ᠋ᠨ ᠳᠡᠭᠦᠪᠦᠷᠢ ︽ ᠰᠠᠷᠠᠨ ᠴᠢᠭᠣᠯᠭᠠᠬᠣ ᠵᠣᠪᠭᠢᠰ ︾ ᠨᠢ ᠮᠣᠩᠭᠤᠯ ᠦᠨᠳᠣᠰᠣᠳᠡᠨ ᠤ ᠣᠳᠣ ᠦᠶ᠎ᠡ  ᠶᠢᠨ ᠵᠣᠭᠢᠶᠠᠯᠴᠢᠳ ᠤᠨ ᠤᠷᠠᠨ ᠵᠣᠭᠢᠶᠠᠯ ᠤᠨ ᠴᠤᠪᠤᠷᠠᠯ ‍ᠳ᠋ᠥ ᠰᠣᠩᠭᠣᠭᠳᠠᠨ ᠣᠷᠣᠵᠣ ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ ᠬᠡᠪᠯᠡᠯ ᠦ᠋ᠨ ᠬᠣᠷᠢᠶᠠᠨ  ᠠᠴᠠ ᠭᠡᠪᠯᠡᠭᠳᠡᠪᠡ ᠃