ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠮᠠ‍ ᠂ ᠡᠷᠳᠡᠨᠢᠪᠠᠳᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠮᠠ‍ ᠂ ᠡᠷᠳᠡᠨᠢᠪᠠᠳᠤ 1962 ᠂.12.12 ‍ᠣ ᠡᠳᠦᠷ ᠂ ᠵᠠᠷᠤᠳ ᠬᠣᠰᠢᠭᠤᠨ ‍ᠣ ᠨᠤᠤᠳᠤᠮ ᠠᠢᠯ  ᠳ᠋ᠤ᠌ ᠳᠦᠷᠦᠪᠡ ᠃ 1988 ︱1990 ᠪᠣᠯᠲᠠᠯ᠎ᠠ ᠥᠪᠦᠷ ᠮᠣᠩᠭᠤᠯ ᠤ᠋ᠨ ᠦᠨᠳᠦᠰᠦᠳᠡᠨ ‍ᠣ ᠶᠡᠬᠡ ᠰᠤᠷᠭᠠᠭᠤᠯᠢ  ᠶᠢᠨ ᠮᠣᠩᠭᠤᠯ ᠭᠡᠯᠡ ᠤᠳᠭ᠎ᠠ ᠵᠣᠬᠢᠶᠠᠯ ᠤ᠋ᠨ ᠰᠠᠯᠪᠤᠷᠢ ‍ᠳ᠋ᠥ ᠰᠤᠷᠤᠯᠴᠠᠪᠠ ᠃ 1984 ᠣᠨ ‍ᠳ᠋ᠥ ︽ ᠵᠢᠷᠢᠮ ᠦ᠋ᠨ ᠤᠷᠠᠨ ᠵᠣᠬᠢᠶᠠᠯ ︾  ᠳ᠋ᠤ᠌ ᠤᠤᠭᠠᠨ ᠰᠢᠯᠦᠭ  ᠢᠶᠡᠨ ᠨᠡᠶᠢᠲᠡᠯᠡᠬᠦᠯᠦᠭᠰᠡᠨ  ᠠᠴᠠ ᠨᠠᠭᠠᠰᠢ ︽ ᠦᠨᠳᠦᠰᠦᠳᠡᠨ ‍ᠣ ᠤᠳᠭ᠎ᠠ ᠵᠣᠬᠢᠶᠠᠯ ︾ ᠂ ︽ ᠥᠨᠢᠷ ᠴᠡᠴᠡᠭ ︾ ᠮᠡᠳᠦ  ᠶᠢᠨ ᠬᠣᠷᠢᠭᠠᠳ ᠰᠣᠨᠢᠨ ᠰᠡᠳᠭᠦᠯ ‍ᠳ᠋ᠥ ᠨᠠᠢ᠍ᠮᠠᠨ ᠵᠠᠭᠤ ᠰᠢᠬᠠᠮ ᠰᠢᠯᠦᠭ ᠂ ᠨᠠᠢᠷᠠᠭᠤᠯᠤᠯ ᠂ ᠲᠤᠭᠤᠵᠢᠰ ᠂ ᠰᠢᠭᠦᠮᠵᠢ ᠂ ᠳᠠᠭᠤᠨ ‍ᠣ ᠦᠭᠡ ᠨᠡᠢᠲᠡᠯᠡᠭᠦᠯᠵᠦ ᠂ ︽ ᠥᠨᠢᠷ ᠴᠡᠴᠡᠭ ︾ ᠂ ︽ ᠴᠣᠯᠮᠤᠨ ︾ ᠂ ︽ ᠥᠪᠦᠷ ᠮᠣᠩᠭᠤᠯ ᠤ᠋ᠨ ᠵᠠᠯᠠᠭᠤᠴᠤᠳ ︾ ᠂ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠵᠡᠷᠭᠡ ᠰᠣᠨᠢᠨ ᠰᠡᠳᠭᠦᠯ ᠦ᠋ᠨ ᠱᠠᠩᠨᠠᠯ ᠪᠠ ᠳᠠᠪᠤᠳᠤᠭᠠᠷ ᠤᠳᠠᠭᠠᠨ ‍ᠣ ᠬᠣᠷᠴᠢᠨ ᠤᠷᠠᠨ ᠵᠣᠬᠢᠶᠠᠯ ᠤ᠋ᠨ ᠱᠠᠩᠨᠠᠯ ᠂ ᠬᠣᠶᠠᠳᠤᠭᠠᠷ ᠤᠳᠠᠭᠠᠨ ‍ᠣ ᠪᠦᠬᠦ ᠤᠯᠤᠰ ᠤᠨ ︽ ᠬᠢᠯᠦᠭᠡᠨ ᠤᠶᠠᠩᠭ᠎ᠠ ︾ ᠠᠯᠳᠠᠨ ᠣᠳᠤᠨ ᠱᠠᠩᠨᠠᠯᠳᠤ ᠮᠥᠷᠦᠢᠴᠡᠭᠡᠨ ‍ᠣ ᠱᠠᠩᠨᠠᠯ ᠂ ᠥᠪᠦᠷ ᠮᠣᠩᠭᠤᠯ ᠤ᠋ᠨ ᠦᠪᠡᠷᠳᠡᠭᠡᠨ ᠵᠠᠰᠠᠬᠤ ᠣᠷᠤᠨ ᠪᠠᠶᠢᠭᠤᠯᠤᠭᠳᠠᠭᠰᠠᠨ50 ᠵᠢᠯ ᠦ᠋ᠨ ᠤᠢ ‍ᠳ᠋ᠥ ᠵᠣᠷᠢᠭᠤᠯᠤᠭᠰᠠᠨ ᠪᠦᠬᠦ ᠣᠷᠤᠨ ‍ᠣ ᠷᠠᠳᠢᠤ‍ ᠨᠡᠪᠳᠡᠷᠡᠬᠦᠯᠭᠡ ᠤᠷᠠᠨ ᠵᠣᠬᠢᠶᠠᠯ ᠳᠠᠭᠤᠤᠷᠯᠢᠭ ᠤᠨ ᠤᠷᠤᠯᠳᠤᠭᠠᠨ ‍ᠣ ᠱᠠᠩᠨᠠᠯ ᠂ ᠨᠠ‍ ᠂ ᠰᠠᠢᠨᠴᠣᠭᠲᠤ  ᠶᠢᠨ ᠮᠡᠨᠳᠦᠯᠡᠭᠰᠡᠨ100 ᠵᠢᠯ ᠦ᠋ᠨ ᠤᠢ  ᠳ᠋ᠤ᠌ ᠵᠣᠷᠢᠭᠤᠯᠤᠭᠰᠠᠨ ᠤᠷᠠᠨ ᠵᠣᠬᠢᠶᠠᠯ ᠤ᠋ᠨ ᠤᠷᠤᠯᠳᠤᠭᠠᠨ ‍ᠣ ᠱᠠᠩᠨᠠᠯ ᠂ ︽ ᠣᠩᠨᠢᠭᠤᠳ ᠨᠡᠷᠡᠮᠵᠢᠲᠦ ︾ ᠪᠦᠬᠦ ᠤᠯᠤᠰ ᠤᠨ ᠪᠣᠭᠤᠨᠢ ᠦᠬᠦᠯᠡᠯᠭᠡ  ᠶᠢᠨ ᠤᠷᠤᠯᠳᠤᠭᠠᠨ ‍ᠣ ᠱᠠᠩᠨᠠᠯ ᠂ ᠥᠪᠦᠷ ᠮᠣᠩᠭᠤᠯ ᠪᠠᠶᠢᠭᠤᠯᠤᠭᠳᠠᠭᠰᠠᠨ 70 ᠵᠢᠯ ᠦ᠋ᠨ ᠤᠢ ‍ ᠳ᠋ᠤ᠌ ᠵᠣᠷᠢᠭᠤᠯᠤᠭᠰᠠᠨ ᠨᠠᠢ᠍ᠮᠠᠨ ᠮᠤᠵᠢ ᠣᠷᠤᠨ ‍ᠣ ᠷᠠᠳᠢᠤ‍ ᠲᠸᠯᠸᠢᠰ ᠤᠨ ᠨᠠᠢᠷᠠᠭᠤᠯᠤᠯ ᠤ᠋ᠨ ᠱᠠᠩᠨᠠᠯ ᠂ ᠪᠦᠬᠦ ᠤᠯᠤᠰ ᠤᠨ ︽ ᠮᠦᠩᠭᠡ ᠠᠷᠴᠠ ︾ ᠢᠷᠠᠭᠤ ᠨᠠᠢᠷᠠᠭ ᠤ᠋ᠨ ᠤᠷᠤᠯᠳᠤᠭᠠᠨ ‍ᠣ ᠱᠠᠩᠨᠠᠯ ᠮᠡᠳᠦ  ᠶᠢᠨ ᠠᠳᠠᠯᠢ ᠪᠤᠰᠤ ᠳᠠᠰ ᠤᠨ ᠬᠣᠷᠢᠭᠠᠳ ᠱᠠᠩᠨᠠᠯ ᠳᠤᠰᠴᠤ ᠂ 2013 ᠣᠨ ‍ᠳ᠋ᠥ ︽ ᠡᠭᠡᠯ ᠬᠥᠮᠦᠨ ‍ᠣ ᠵᠢᠷ ᠦ᠋ᠨ ᠨᠠᠮᠲᠠᠷ ︾ ᠨᠠᠢᠷᠠᠭᠯᠠᠯ ᠢᠶᠡᠷ  ᠢᠶᠡᠨ ᠠᠷᠪᠠᠳᠤᠭᠠᠷ ᠬᠤᠭᠤᠴᠠᠭᠠᠨ ‍ᠣ ︽ ᠰᠤᠯᠤᠩᠭ᠎ᠠ ︾ ᠱᠠᠩᠨᠠᠯ ᠳᠤᠰᠪᠠ ᠃ 1999 ᠣᠨ ‍ᠳ᠋ᠥ ︽ ᠬᠦᠭᠡ ᠲᠡᠭᠷᠢ  ᠶᠢᠨ ᠨᠢᠳᠦᠨ ᠳᠤᠤᠷ᠎ᠠ ︾ ᠂ 2007 ᠣᠨ  ᠳ᠋ᠤ᠌ ︽ ᠮᠣᠩᠭᠤᠯ ᠰᠠᠯᠬᠢ ︾ ᠂ 2013 ᠣᠨ ‍ᠳ᠋ᠥ ︽ ᠠᠮᠢᠳᠤᠷᠠᠯ ᠤᠨ ᠰᠤᠩᠭᠤᠳᠠᠭ ᠴᠡᠴᠡᠭᠡᠰ ︾ ᠰᠢᠯᠦᠭ ᠦ᠋ᠨ ᠳᠡᠬᠦᠪᠦᠷᠢ ᠪᠠᠨ ᠬᠡᠪᠯᠡᠭᠦᠯᠪᠡ ᠃ ᠡᠭᠦᠨ ᠡᠴᠡ ᠭᠠᠳᠠᠨ᠎ᠠ ︽ ᠣᠳᠣ ᠦᠶ᠎ᠡ ᠶ᠋ᠢᠨ ᠰᠢᠯᠢᠳᠡᠭ ᠮᠣᠩᠭᠤᠯ ᠤᠷᠠᠨ ᠵᠣᠬᠢᠶᠠᠯ ᠤ᠋ᠨ ᠰᠣᠩᠭᠤᠮᠠᠯ ︾ ᠂ ︽ ᠴᠣᠯᠮᠤᠨ ᠤᠷᠠᠨ ᠵᠣᠬᠢᠶᠠᠯ ᠤ᠋ᠨ ᠳᠡᠭᠡᠵᠢ ︾ ᠂ ︽ ᠳᠠᠯ᠎ᠠ ᠨᠤᠲᠤᠭ ᠤ᠋ᠨ ᠤᠳᠭ᠎ᠠ ᠵᠣᠬᠢᠶᠠᠯ ᠤ᠋ᠨ ᠰᠣᠳᠤᠨ ᠪᠦᠲᠦᠭᠡᠯ ᠦ᠋ᠨ ᠰᠣᠩᠭᠤᠮᠠᠯ ︾ ᠮᠡᠳᠦ ᠠᠷᠪᠠᠭᠠᠳ ᠳᠡᠭᠦᠪᠦᠷᠢ ‍ᠳ᠋ᠥ ᠰᠢᠯᠦᠭ ᠨᠢ ᠰᠤᠩᠭᠤᠭᠳᠠᠨ ᠳᠡᠭᠦᠪᠦᠷᠢᠯᠡᠭᠳᠡᠪᠡ ᠃ 2012 ᠣᠨ ‍ ᠳ᠋ᠤ᠌ ᠶᠢᠰᠦᠳᠦᠬᠡᠷ ᠬᠤᠭᠤᠴᠠᠭᠠᠨ ᠤ ᠳᠤᠮᠳᠠᠳᠤ ᠤᠯᠤᠰ ᠂ ᠥᠪᠦᠷ ᠮᠣᠩᠭᠤᠯ ᠤ᠋ᠨ ᠲᠠᠯ᠎ᠠ ᠨᠤᠲᠤᠭ ᠤ᠋ᠨ ᠰᠣᠶᠤᠯ ᠤ᠋ᠨ ᠨᠠᠢᠢᠷ ᠤᠨ ᠮᠣᠩᠭᠤᠯ ᠢᠷᠡᠭᠤ ᠨᠠᠢᠢᠷᠠᠭ ᠤᠨ ᠦᠳᠡᠰᠢᠯᠡᠬᠡ  ‍ᠳ᠋ᠥ ︽ ᠭᠦᠭᠡ ᠠᠶᠠᠯᠭᠤ ︾ ᠰᠢᠯᠦᠭ ᠨᠢ ᠰᠤᠩᠭᠤᠭᠳᠠᠨ ᠤᠩᠰᠢᠭᠳᠠᠪᠠ ᠃ ᠭᠡᠷᠴᠢᠯᠠᠭᠤ ᠳᠤᠮᠳᠠᠳᠤ ᠰᠤᠷᠭᠠᠭᠤᠯᠢ ᠤᠨ ᠳᠡᠭᠡᠳᠦ ᠳᠡᠰ ᠦ᠋ᠨ ᠪᠠᠭᠰᠢ ᠨᠠᠮ ᠤᠨ ᠡᠬᠦᠷ ᠤᠨ ᠱᠦᠵᠢ ᠮᠠ‍ ᠂ ᠡᠷᠳᠡᠨᠢᠪᠳᠤ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ︽ ᠳᠡᠯᠡᠬᠡᠢ  ᠶᠢᠨ ᠰᠢᠯᠢᠳᠡᠭ ᠮᠡᠷᠭᠡᠵᠢᠯᠲᠡᠨ ᠴᠢᠳᠠᠪᠤᠷᠢᠳᠠᠨ ‍ᠣ ᠨᠡᠷᠡᠳᠦ ᠳᠤᠯᠢ ︾ ‍ᠳ᠋ᠥ ᠨᠡᠷ᠎ᠡ ᠪᠠᠨ ᠬᠠᠳᠠᠭᠤᠯᠪᠠ ᠃ ᠳᠡᠷᠡ ᠤᠯᠠᠨ ᠳᠠᠪᠬᠤᠷᠭᠠᠳᠤ ᠰᠠᠨᠠᠭ᠎ᠠ ᠠᠬᠤᠢ  ᠶᠢ ᠬᠦᠭᠡᠭᠡᠴᠡᠯᠳᠦᠨ ᠂ ᠭᠦᠨ ᠤᠬᠠᠭᠠᠯᠢᠭ ᠳᠠᠯᠳᠠ ᠮᠡᠳᠡᠷᠡᠮᠵᠢ ᠪᠦᠬᠦᠢ ᠰᠢᠯᠦᠭ ᠤᠷᠠᠯᠬᠤ  ᠶᠢ ᠰᠠᠨᠠᠭᠠᠰᠢᠷᠠᠨ ᠤᠯᠠᠨ ᠶᠠᠩᠵᠤᠷᠬᠠᠭ ᠢᠯᠡᠳᠬᠡᠬᠦ ᠠᠷᠭ᠎ᠠ  ᠶᠢ ᠰᠦᠪᠡᠭᠴᠢᠯᠡᠨ ᠳᠡᠭᠦᠯᠳᠡᠷ ᠰᠡᠳᠬᠢᠴᠡ ᠲᠠᠢ ᠴᠡᠴᠡᠨ ᠬᠡᠯᠡᠯᠭᠡ ᠲᠠᠢ ᠰᠢᠯᠦᠭ ᠢ᠋ᠶ᠋ᠡᠷ ᠢ᠋ᠶ᠋ᠡᠨ ᠤᠩᠰᠢᠭᠴᠢ ᠰᠢᠬᠦᠮᠵᠢᠯᠡᠭᠴᠢᠳ ᠤᠨ ᠠᠩᠬᠠᠷᠤᠯ ‍ᠳ᠋ᠥ ᠬᠦᠷᠴᠦ ᠂ ︽ ᠠᠯᠳᠠᠨ ᠲᠦᠯᠬᠢᠬᠦᠷ ︾ ᠂ ︽ ᠥᠨᠢᠷ ᠴᠡᠴᠡᠭ ︾ ᠮᠡᠳᠦ  ᠶᠢᠨ ᠤᠯᠠᠨ ᠰᠠᠳᠭᠦᠯ  ᠢᠶᠠᠷ ᠰᠢᠯᠦᠭ ᠵᠣᠬᠢᠶᠠᠯ ᠤ᠋ᠨ ᠬᠢᠨᠢ ᠳᠤᠬᠠᠢ ᠰᠢᠭᠦᠮᠵᠢ ᠥᠭᠦᠯᠡᠯ ᠤᠯᠠᠰᠢᠷᠠᠨ ᠬᠠᠯᠠᠭᠤᠨ ᠶᠠᠷᠢᠯᠴᠠᠭ᠎ᠠ ᠦᠷᠨᠢᠭᠰᠡᠨ ᠪᠠᠢᠨ᠎ᠠ ᠃