ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴ‍᠊ ᠂ ᠪᠥᠬᠡᠳᠡᠯᠭᠡᠷ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴ‍᠊ · ᠪᠥᠬᠡᠳᠡᠯᠭᠡᠷ ᠂ ᠰᠦ᠋  ᠶᠢᠨ ᠨᠡᠷ᠎ᠡ ᠵᠠᠮᠴᠠᠭᠠᠨ ᠂ ᠰᠦᠯᠵᠢᠶᠡᠨ ᠦ᠌ ᠨᠡᠷ᠎ᠡ ᠴ‍ · ᠠᠶᠠᠨ ᠂ ᠮᠠᠺᠢᠰᠲ᠋ᠷ ᠂ 1966 ᠣᠨ ᠤ᠋ ᠪᠣᠳᠠᠭᠠᠯᠢ ᠂ ᠤᠤᠯ ᠤᠨ ᠵᠢᠷᠢᠮ ᠠᠢᠮᠠᠭ ᠤ᠋ᠨ ᠨᠠᠢ᠍ᠮᠠᠨ ᠬᠣᠰᠢᠭᠤᠨ ᠤ᠋ ‍ᡁᠢ ᠠᠨ ᠪᠠᠯᠭᠠᠰᠤ ᠶᠢᠨ ᠬᠥᠮᠦᠨ ᠂ ᠠᠷᠤ ᠶ᠋ᠢᠨ ᠠᠢᠯ ᠭᠠᠴᠠᠭ᠎ᠠ ᠶᠢᠨ ᠰᠢᠷᠠᠨᠤᠤᠨ ᠣᠪᠤᠭᠲᠤ ᠠᠳᠤᠭᠤᠴᠢᠨ ᠴᠣᠢᠵᠢ ᠪᠠ ᠪᠣᠷᠵᠢᠭᠢᠨ ᠣᠪᠤᠭᠲᠤ ᠰᠠᠭᠠᠯᠢᠴᠢᠨ ᠲᠢᠶᠠᠨᠰᠢᠶᠤᠤ ᠶᠢᠨ ᠨᠤᠭᠤᠨ ᠃ ᠬᠥᠯᠦᠨ ᠪᠤᠢᠷ ᠳᠡᠭᠡᠳᠦ ᠰᠤᠷᠭᠠᠭᠤᠯᠢ  ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ  ᠶᠢᠨ ᠵᠣᠴᠢᠮᠠᠳ ‍ᠫᠷᠤᠹᠸᠰᠰᠤᠷ ᠂ᠮᠣᠩᠭᠤᠯ ᠤᠯᠤᠰ ᠤᠨ ᠤᠯᠤᠰ ᠤᠨ ᠶᠡᠬᠡ ᠰᠤᠷᠭᠠᠭᠤᠯᠢ ᠶᠢᠨ ‍ᠳ᠋ᠤᠺᠲ᠋ᠤᠷᠠᠨᠲ ᠃ ᠮᠣᠩᠭᠤᠯ ᠤᠷᠠᠨ ᠵᠣᠬᠢᠶᠠᠯ ᠤ᠋ᠨ ︽ ᠪᠣᠷᠵᠢᠭᠢᠨ ︾ ᠱᠠᠩᠨᠠᠯ ᠂ ︽ ᠥᠭᠡᠳᠡ ︾ ᠱᠠᠩᠨᠠᠯ ᠂ ︽ ᠥᠨᠢᠷ ᠴᠡᠴᠡᠭ ︾ ᠱᠠᠩᠨᠠᠯ ᠂ ︽ ᠪᠣᠶᠢᠷ ᠬᠥᠯᠦᠨ ︾ ᠱᠠᠩᠨᠠᠯ ᠂ ︽ ᠤᠯᠠᠨ ᠬᠤᠷᠠᠬᠤ ︾ ᠱᠠᠩᠨᠠᠯ ᠂ ︽ ᠬᠣᠷᠴᠢᠨ ᠤᠷᠠᠨ ᠵᠣᠬᠢᠶᠠᠯ ︾ ᠤᠨ ᠬᠣᠱᠤᠢ ᠱᠠᠩᠨᠠᠯ ᠢ ᠬᠦᠷᠲᠡᠭᠴᠢ ᠵᠣᠬᠢᠶᠠᠯᠴᠢ ᠃ ︽ ᠠᠯᠳᠠᠨ ᠦᠨᠳᠦᠰᠦ ︾ ᠰᠡᠳᠭᠦᠯ ᠦ᠋ᠨ   ᠲᠦᠷᠦᠬᠦᠤ ᠨᠠᠢᠷᠠᠭᠤᠯᠤᠭᠴᠢ ᠂ ᠳᠡᠳ᠋ ᠬᠢᠨᠠᠨ ᠨᠠᠢᠷᠠᠭᠤᠯᠤᠭᠴᠢ ᠂ ᠪᠦᠬᠦ ᠤᠯᠤᠰ ᠤᠨ ᠮᠣᠩᠭᠤᠯ ᠰᠡᠳᠭᠦᠯ ᠦ᠋ᠨ ︽ ᠰᠢᠯᠢᠳᠡᠭ ᠨᠠᠢᠷᠠᠭᠤᠯᠤᠭᠴᠢ ︾ ᠮᠥᠷᠲᠡᠭᠡᠨ ᠬᠣᠱᠤᠢ ︽ ᠭᠠᠪᠢᠶᠠᠲᠤ ᠨᠠᠢᠷᠠᠭᠤᠯᠤᠭᠴᠢ ︾ ᠂ ᠲᠦᠩᠯᠢᠶᠣᠤ ᠬᠣᠲᠠ ᠪᠠ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ︽ ᠮᠣᠩᠭᠤᠯ ᠦᠭᠡ ᠬᠡᠯᠡ ᠦᠰᠦᠭ ᠪᠢᠴᠢᠭ ᠰᠤᠷᠴᠤ ᠬᠡᠷᠡᠭᠯᠡᠭᠰᠡᠨ ᠲᠡᠷᠢᠭᠦᠨ ᠦ ᠬᠤᠪᠢ ᠬᠥᠮᠦᠨ ︾ ᠂ ᠲᠦᠩᠯᠢᠶᠣᠤ ᠬᠣᠲᠠ ᠶ᠋ᠢᠨ ᠠᠩᠬᠠᠳᠤᠭᠠᠷ ᠤᠳᠠᠭᠠᠨ ᠤ ︽ ᠬᠣᠷᠴᠢᠨ ᠰᠣᠶᠤᠯ ᠤ᠋ᠨ ᠵᠠᠰᠠᠭ ᠤᠨ ᠣᠷᠳᠤᠨ ᠤ᠋ ᠱᠠᠩᠨᠠᠯ ︾ ᠢ ᠬᠦᠷᠲᠡᠭᠴᠢ ᠂ ︽ ᠬᠣᠷᠴᠢᠨ ᠴᠢᠳᠠᠪᠤᠷᠢᠲᠠᠨ ︾ ᠃ ᠴ‍᠊ · ᠪᠥᠬᠡᠳᠡᠯᠭᠡᠷ 1973.9 ︱1978.7 ᠪᠣᠯᠲᠠᠯ᠎ᠠ ᠠᠢᠯ ᠤ᠋ᠨ ᠢ᠋ᠶ᠋ᠠᠨ ᠪᠠᠭ᠎ᠠ ᠰᠤᠷᠭᠠᠭᠤᠯᠢ ᠂ 1978 .9 ︱1981.7 ᠪᠣᠯᠲᠠᠯ᠎ᠠ ᠱᠸᠩᠯᠢ ᠳᠤᠮᠳᠠᠳᠤ ᠰᠤᠷᠭᠠᠭᠤᠯᠢ ᠪᠡ ᠪᠠᠢᠰᠢᠩᠲᠤ ᠳᠤᠮᠳᠠᠳᠤ ᠰᠤᠷᠭᠠᠭᠤᠯᠢ ᠂ 1981.9 ︱1984.7 ᠪᠣᠯᠲᠠᠯ᠎ᠠ ᠨᠠᠢ᠍ᠮᠠᠨ ᠬᠣᠰᠢᠭᠤᠨ ᠤ᠋ ᠮᠣᠩᠭᠤᠯ ᠳᠤᠮᠳᠠᠳᠤ ᠰᠤᠷᠭᠠᠭᠤᠯᠢ ᠳ᠋ᠤ᠌ ᠲᠤᠰ ᠲᠤᠰ ᠰᠤᠷᠤᠯᠴᠠᠭᠰᠠᠨ ᠃ 1984.9 ︱1986.7 ᠪᠣᠯᠲᠠᠯ᠎ᠠ ᠬᠠᠢᠯᠠᠷ  ᠲᠡᠬᠢ ᠪᠠᠭᠰᠢ  ᠶᠢᠨ ᠲᠤᠰᠭᠠᠢ ᠮᠡᠷᠭᠡᠵᠢᠯ ᠦ᠋ᠨ ᠰᠤᠷᠭᠠᠭᠤᠯᠢ  ᠶᠢᠨ ᠮᠣᠩᠭᠤᠯ ᠬᠡᠯᠡᠨ ᠦ᠌ ᠰᠠᠯᠪᠤᠷᠢ ︵ ᠣᠳᠣ ᠶ᠋ᠢᠨ ᠬᠥᠯᠦᠨ ᠪᠤᠢᠷ ᠳᠡᠭᠡᠳᠦ ᠰᠤᠷᠭᠠᠭᠤᠯᠢ  ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ︶ ᠳ᠋ᠤ ᠰᠤᠷᠤᠯᠴᠠᠵᠤ ᠂1990.8-1993.8 ᠪᠣᠯᠲᠠᠯ᠎ᠠ ᠥᠪᠦᠷ ᠮᠣᠩᠭᠤᠯ ᠤ᠋ᠨ ᠦᠨᠳᠦᠰᠦᠲᠡᠨ ᠦ ᠪᠠᠭᠰᠢ ᠶᠢᠨ ᠳᠡᠭᠡᠳᠦ ᠰᠤᠷᠭᠠᠭᠤᠯᠢ  ︵ ᠣᠳᠣ ᠶ᠋ᠢᠨ ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ︶  ᠶᠢᠨ ᠵᠠᠬᠢᠳᠠᠯ ᠢᠶᠠᠷ ᠰᠤᠷᠭᠠᠬᠤ ᠬᠡᠯᠲᠡᠰ ᠲᠦ ᠂ ᠰᠤᠷᠤᠯᠴᠠᠵᠤ ︽ ᠵᠣᠬᠢᠶᠠᠯ ᠳ᠋ᠤ᠌ ᠭᠠᠷᠳᠠᠭ ︿ ᠪᠢ ﹀ ᠶᠢᠨ ᠲᠤᠬᠠᠢ ︾ ᠭᠡᠬᠦ ᠥᠭᠦᠯᠡᠯ ᠢ᠋ᠶ᠋ᠡᠷ ᠢ᠋ᠶ᠋ᠡᠨ ᠪᠠᠴᠸᠯᠸᠷ ︵ ᠣᠶᠤᠲᠠᠨ ᠡᠷᠳᠡᠮ ︶ ᠴᠣᠯᠠ ᠬᠠᠮᠠᠭᠠᠯᠠᠵᠤ ᠂ 2001.7 ︱ 2003.7 ᠪᠣᠯᠲᠠᠯ᠎ᠠ ᠥᠪᠦᠷ ᠮᠣᠩᠭᠤᠯ ᠤ᠋ᠨ ᠦᠨᠳᠦᠰᠦᠲᠡᠨ ᠦ ᠶᠡᠬᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠳ᠋ᠤ᠌ ᠠᠰᠫᠢᠷᠠᠨᠲ ᠤᠩᠰᠢᠵᠤ 2005 ᠣᠨ ᠳ᠋ᠤ᠌ ︽ ︿ᠮᠣᠩᠭᠤᠯ ᠤ᠋ᠨ ᠨᠢᠭᠤᠴᠠ ᠲᠣᠪᠴᠢᠶᠠᠨ ﹀ ᠤ ᠳᠦᠷᠢ ᠪᠦᠲᠦᠭᠡᠯᠲᠡ ᠪᠠ ᠤᠳᠭ᠎ᠠ ᠰᠠᠨᠠᠭ᠎ᠠ ᠶᠢᠨ ᠰᠢᠨ᠎ᠡ ᠳᠠᠪᠠᠯᠲᠠ ︾ ᠭᠡᠬᠦ ᠥᠭᠦᠯᠡᠯ ᠢ᠋ᠶ᠋ᠡᠷ ᠢ᠋ᠶ᠋ᠡᠨ ᠨᠣᠮ ᠬᠠᠶᠠᠯᠴᠠᠭᠠᠨ ᠳ᠋ᠤ᠌ ᠣᠷᠤᠯᠴᠠᠵᠤ ᠤᠷᠠᠨ ᠵᠣᠬᠢᠶᠠᠯ ᠤ᠋ᠨ ᠮᠠᠬᠢᠰᠲ᠋ᠸᠷ ᠴᠣᠯᠠ ᠬᠠᠮᠠᠭᠠᠯᠠᠪᠠ ᠃ 2011 .10 ︱2012.7 ᠪᠣᠯᠲᠠᠯ᠎ᠠ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠤᠳᠭ᠎ᠠ ᠵᠣᠬᠢᠶᠠᠯ ᠰᠤᠳᠤᠯᠬᠤ ᠠᠩᠭᠢ ᠂ 2012.10 ︱2013.4 ᠪᠣᠯᠲᠠᠯ᠎ᠠ ᠥᠪᠦᠷ ᠮᠣᠩᠭᠤᠯ ᠤ᠋ᠨ ᠶᠡᠬᠡ ᠰᠤᠷᠭᠠᠭᠤᠯᠢ  ᠶᠢᠨ ᠭᠤᠷᠪᠠᠳᠤᠭᠠᠷ ᠬᠤᠭᠤᠴᠠᠭᠠᠨ ᠤ ᠤᠳᠭ᠎ᠠ ᠵᠣᠬᠢᠶᠠᠯ ᠵᠣᠬᠢᠶᠠᠨ ᠪᠦᠲᠦᠭᠡᠯᠭᠡ   ᠶᠢᠨ ᠰᠤᠳᠤᠯᠬᠤ ᠠᠩᠭᠢ ᠪᠣᠯᠤᠨ   ᠰᠢ ᠵᠦᠴᠦᠭᠡ ᠺᠢᠨᠣ᠋ ᠲᠸᠯᠸᠢᠰ  ᠵᠣᠬᠢᠶᠠᠨ ᠪᠦᠲᠦᠭᠡᠯᠭᠡ ᠶ᠋ᠢᠨ ᠰᠤᠳᠤᠯᠬᠤ ᠠᠩᠭᠢ ᠳ᠋ᠤ᠌ ᠲᠤᠰ ᠲᠤᠰ ᠰᠤᠷᠤᠯᠴᠠᠭᠰᠠᠨ ᠃ 2016.7.27 ︱2016.9.1 ᠪᠣᠯᠲᠠᠯ᠎ᠠ ᠯᠦ ᠰᠢᠶᠦ᠋ᠨ ᠤᠳᠭ᠎ᠠ ᠵᠣᠬᠢᠶᠠᠯ ᠤ᠋ᠨ ᠳᠡᠭᠡᠳᠦ ᠰᠤᠷᠭᠠᠭᠤᠯᠢ  ᠶᠢᠨ 25 ‍ᠳ᠋ᠤᠭᠠᠷ ᠬᠤᠭᠤᠴᠠᠭᠠᠨ ᠤ ᠴᠥᠭᠡᠨ ᠲᠣᠭᠠᠲᠤ ᠦᠨᠳᠦᠰᠦᠲᠡᠨ ᠦ ᠤᠳᠭ᠎ᠠ ᠵᠣᠬᠢᠶᠠᠯ ᠤ᠋ᠨ ᠵᠣᠬᠢᠶᠠᠨ ᠪᠦᠲᠦᠭᠡᠯᠭᠡ ᠶᠢᠨ ᠠᠩᠭᠢ ᠳ᠋ᠤ᠌ ᠰᠤᠷᠤᠯᠴᠠᠭᠰᠠᠨ ᠃ ᠴ‍᠊ · ᠪᠥᠬᠡᠳᠡᠯᠭᠡᠷ ᠤᠷᠢᠳ ᠬᠣᠵᠢᠳ ︽ ᠦᠨᠳᠦᠰᠦᠲᠡᠨ ᠦ ᠤᠳᠭ᠎ᠠ ᠵᠣᠬᠢᠶᠠᠯ ︾ ᠂ ︽ ᠳᠤᠮᠳᠠᠳᠤ ᠶ᠋ᠢᠨ ᠦᠨᠳᠦᠰᠦᠲᠡᠨ ︾ ᠂ ︽ ᠥᠨᠢᠷ ᠴᠡᠴᠡᠭ ︾ ᠂ ︽ ᠴᠣᠯᠮᠤᠨ ︾ ᠂ ︽ ᠬᠤᠨ ᠭᠠᠯᠠᠭᠤ ︾ ᠂ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠂ ︽ ᠴᠡᠴᠡᠭᠲᠦ ᠴᠠᠢᠳᠠᠮ ︾ ᠂ ︽ ᠥᠪᠦᠷ ᠮᠣᠩᠭᠤᠯ ᠤ᠋ᠨ ᠵᠠᠯᠠᠭᠤᠴᠤᠳ ︾ ᠂ ︽ ᠨᠡᠢᠭᠡᠮ ︾ ᠂ ︽ ᠥᠪᠦᠷ ᠮᠣᠩᠭᠤᠯ ᠤ᠋ᠨ ᠡᠮᠡᠭᠲᠡᠢᠴᠦᠳ ︾ ᠂ ︽ ᠵᠢᠷᠢᠮ ᠦ᠋ᠨ ᠤᠷᠠᠨ ᠵᠣᠬᠢᠶᠠᠯ ︾ ᠂ ︽ ᠬᠥᠯᠦᠨ ᠪᠤᠢᠷ ︾ ᠂ ︽ ᠰᠢᠯᠢ ᠶᠢᠨ ᠭᠣᠣᠯ ︾ ᠂ ︽ ᠲᠤᠷᠤᠭ ᠰᠠᠷᠠᠨ᠎ᠠ ︾ ᠂ ︽ ᠰᠢᠷ᠎ᠠ ᠮᠥᠷᠡᠨ ︾ ᠂ ︽ ᠠᠯᠳᠠᠨ ᠭᠠᠨᠳᠠᠷᠢ ︾ ᠵᠡᠷᠭᠡ ᠤᠯᠤᠰ ᠪᠡ ᠣᠷᠤᠨ ᠤ᠋ ᠳᠣᠲᠤᠨ᠎ᠠ ᠭᠠᠳᠠᠨᠠᠬᠢ ᠰᠣᠨᠢᠨ ᠰᠡᠳᠭᠦᠯ ᠳ᠋ᠦ᠍ 1000 ᠭᠠᠷᠤᠢ ᠬᠤᠪᠢ ᠵᠣᠬᠢᠶᠠᠯ ᠪᠦᠲᠦᠭᠡᠯ ᠢ᠋ᠶ᠋ᠡᠨ ᠨᠡᠢᠲᠡᠯᠡᠭᠦᠯᠵᠦ ᠂ ︽ ᠠᠮᠢᠳᠤᠷᠠᠯ ᠤᠨ ᠭᠤᠷᠪᠠᠨ ᠨᠣᠲ ︾ ᠂ ︽ ᠬᠠᠢᠷ᠎ᠠ ᠶ᠋ᠢᠨ ᠴᠡᠴᠡᠭᠡᠰ ︾ ᠂ ︽ ᠣᠳᠤᠨ ᠰᠢᠭᠢᠳᠭᠡᠭᠡ ︾ ᠂ ︽ ᠮᠢᠲᠠᠨ ᠬᠠᠲᠤᠨ ︾ ᠂ ︽ ᠬᠥᠮᠦᠨ ᠬᠠᠳᠠ ︾ ᠂ ︽ ᠪᠤᠷᠤᠭᠤ ᠨᠡᠷᠡᠯᠡᠭᠰᠡᠨ ᠪᠤᠷᠬᠠᠨ ︾ ᠂ ︽ ᠰᠦᠯᠳᠡ  ᠶᠢᠨ ᠲᠠᠮᠢᠷ ︾ ᠂ ︽ ᠬᠠᠢᠷ᠎ᠠ ᠶ᠋ᠢᠨ ᠨᠠᠮᠢᠶ᠎ᠠ ︾ ᠂ ︽ ᠬᠠᠢᠷ᠎ᠠ ᠶ᠋ᠢᠨ ᠬᠠᠯᠢᠶ᠎ᠠ ︾ ᠂ ︽ ᠬᠠᠢᠷ᠎ᠠ ᠶ᠋ᠢᠨ ᠳᠤᠤᠯᠢᠶ᠎ᠠ ︾ ᠂ ︽ ᠮᠥᠩᠬᠡ ᠶ᠋ᠢᠨ ᠠᠶᠠᠭᠠᠨ  ᠤ ᠤᠰᠤ ︾ ᠂ ︽ ᠨᠡᠷᠡᠲᠦ ᠮᠣᠩᠭᠤᠯ ᠣᠲᠠᠴᠢ ᠶ᠋ᠢᠨ ᠲᠣᠪᠴᠢᠶᠠᠨ ︾ ᠭᠡᠬᠦ ᠮᠡᠲᠦ ᠶ᠋ᠢᠨ 53 ᠪᠣᠳᠢ ᠨᠣᠮ ᠬᠡᠪᠯᠡᠭᠦᠯᠦᠭᠰᠡᠨ ᠪᠥᠭᠡᠳ ᠤᠯᠤᠰ ᠂ ᠣᠷᠤᠨ ᠂ ᠬᠤᠳᠠ ᠶᠢᠨ ᠲᠡᠰ ᠦ᠋ᠨ ᠡᠯ᠎ᠡ ᠵᠦᠢᠯ ᠦ᠋ᠨ ᠱᠠᠩᠨᠠᠯ ᠬᠥᠬᠢᠭᠦᠯᠦᠯ ᠢ᠋ 80 ᠭᠠᠷᠤᠢ ᠤᠳᠠᠭ᠎ᠠ ᠲᠤᠰᠴᠠᠢ ᠃ ︽ ᠳᠤᠮᠳᠠᠳᠤ ᠶ᠋ᠢᠨ ᠵᠠᠭᠤᠨ ᠵᠢᠯ ᠦ᠋ᠨ ᠡᠷᠳᠡᠮᠲᠡᠳ ᠦ᠋ᠨ ᠲᠣᠯᠢ ︾ ᠂ ︽ ᠳᠡᠯᠡᠬᠡᠢ ᠶ᠋ᠢᠨ ᠰᠢᠯᠢᠳᠡᠭ ᠲᠤᠰᠭᠠᠢ ᠮᠡᠷᠭᠡᠵᠢᠯᠲᠡᠨ ᠡᠷᠳᠡᠮᠲᠡᠳ ᠦ᠋ᠨ ᠨᠡᠷᠡᠲᠦ ᠲᠣᠯᠢ ︾ ᠵᠡᠷᠭᠡ 30 ᠰᠢᠬᠠᠮ ᠲᠣᠯᠢ ᠪᠢᠴᠢᠭ ᠪᠠ ᠲᠣᠣᠷ ᠰᠦᠯᠵᠢᠶᠡᠨ ᠳ᠋ᠦ᠍ ᠦᠢᠯᠡ ᠨᠠᠮᠲᠠᠷ  ᠨᠢ ᠲᠡᠮᠳᠡᠭᠯᠡᠭᠳᠡᠪᠡ ᠃ ᠴ‍᠊ · ᠪᠥᠬᠡᠳᠡᠯᠭᠡᠷ ᠡᠳᠦᠭᠡ ᠤᠯᠠᠨ ᠤᠯᠤᠰ ᠤᠨ ᠮᠣᠩᠭᠤᠯ ᠰᠤᠳᠤᠯᠤᠯ  ᠤᠨ ᠬᠣᠯᠪᠤᠭ᠎ᠠ ᠶ᠋ᠢᠨ ᠭᠡᠰᠢᠭᠦᠨ ᠂ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠳᠤᠮᠳᠠᠳᠤ ᠤᠯᠤᠰ ᠤᠨ ᠮᠣᠩᠭᠤᠯ ᠬᠡᠯᠡ ᠪᠢᠴᠢᠭ ᠦ᠋ᠨ ᠰᠢᠨᠵᠢᠯᠡᠭᠡᠨ ᠦ᠌ ᠨᠡᠢᠭᠡᠮᠯᠢᠭ ᠦ᠋ᠨ ᠭᠡᠰᠢᠭᠦᠨ ᠂ ᠳᠤᠮᠳᠠᠳᠤ ᠤᠯᠤᠰ ᠤᠨ ᠮᠣᠩᠭᠤᠯ ᠤᠳᠭ᠎ᠠ ᠵᠣᠬᠢᠶᠠᠯ ᠤ᠋ᠨ ᠰᠢᠨᠵᠢᠯᠡᠭᠡᠨ ᠦ ᠨᠡᠢᠭᠡᠮᠯᠢᠭ ᠦ᠋ᠨ ᠭᠡᠰᠢᠭᠦᠨ ᠂ ᠳᠤᠮᠳᠠᠳᠤ ᠤᠯᠤᠰ ᠤᠨ ᠠᠷᠠᠳ ᠤᠨ ᠤᠳᠭ᠎ᠠ ᠤᠷᠠᠯᠢᠭᠴᠢᠳ ᠤᠨ ᠡᠪᠯᠡᠯ ᠦᠨ ᠭᠡᠰᠢᠭᠦᠨ ᠂ ᠳᠤᠮᠳᠠᠳᠤ ᠤᠯᠤᠰ ᠤᠨ ᠮᠣᠩᠭᠤᠯ ᠲᠡᠦᠬᠡ ᠶ᠋ᠢᠨ ᠰᠤᠳᠤᠯᠭᠠᠨ ᠤ ᠨᠡᠢᠭᠡᠮᠯᠢᠭ ᠦ᠋ᠨ ᠭᠡᠰᠢᠭᠦᠨ ᠂ ᠳᠤᠮᠳᠠᠳᠤ ᠤᠯᠤᠰ ᠤᠨ ᠮᠣᠩᠭᠤᠯ ᠰᠡᠳᠭᠦᠯ ᠰᠤᠳᠤᠯᠬᠤ ᠬᠤᠷᠠᠯ ᠤᠨ ᠭᠡᠰᠢᠭᠦᠨ ᠵᠡᠷᠭᠡ 30 ᠭᠠᠷᠤᠢ ᠨᠡᠢᠭᠡᠮᠯᠢᠭ ᠪᠦᠯᠬᠦᠮ ᠳ᠋ᠦ᠍ ᠡᠭᠦᠷᠭᠡ ᠲᠤᠰᠢᠶᠠᠯ  ᠬᠠᠷᠢᠭᠤᠴᠠᠵᠤ ᠶᠠᠪᠤᠭ᠎ᠠ ᠃ ᠰ‍ ᠂ ᠳᠠᠪᠬᠤᠷᠪᠠᠶᠠᠷ ᠂1962 ᠣᠨ ᠤ᠋ 10 ᠰᠠᠷ᠎ᠠ  ᠶᠢᠨ 20 ᠤ ᠡᠳᠦᠷ ᠨᠠᠢ᠍ᠮᠠᠨ ᠬᠣᠰᠢᠭᠤᠨ ᠤ᠋ ᠪᠠᠶᠠᠨᠲᠠᠯ᠎ᠠ ᠰᠤᠮᠤ  ᠶᠢᠨ ᠮᠠᠨᠳᠤᠭᠤᠯᠬᠤ ᠭᠠᠴᠠᠭ᠎ᠠ  ᠶᠢᠨ ᠮᠠᠯᠴᠢᠨ ᠰᠢᠲᠠᠷ᠎ᠠ ᠪᠣᠯᠤᠨ ᠬᠡᠷᠡᠯ ᠦ᠋ᠨ ᠣᠳᠭᠠᠨ ᠬᠦᠦ ᠨᠢ ᠪᠣᠯᠵᠤ ᠲᠣᠭᠤᠰᠤᠲᠤ ᠶᠢᠷᠲᠢᠨᠴᠦ ᠳ᠋ᠦ᠍ ᠮᠣᠷᠢᠯᠠᠵᠤ ᠶᠢᠰᠦᠨ ᠨᠠᠰᠤᠲᠠᠢ ᠰᠤᠷᠭᠠᠭᠤᠯᠢ ᠳ᠋ᠤ᠌ ᠣᠷᠤᠵᠤ ᠬᠣᠷᠢᠨ ᠨᠠᠰᠤᠨ᠎ᠠ ᠠᠷᠠᠳ ᠤᠨ ᠪᠠᠭᠰᠢ ᠪᠣᠯᠵᠠᠢ ᠃ ᠳᠡᠭᠡᠷ᠎ᠡ ᠵᠠᠭᠤᠨ ᠤ ᠨᠠᠶᠠᠭᠠᠳ ᠣᠨ ᠠ᠋ᠴᠠ ᠡᠬᠢᠯᠡᠨ ᠮᠡᠳᠡᠭᠡ ᠴᠢᠮᠡᠭᠡᠯᠡᠯ ᠤᠷᠤᠯᠳᠤᠨ ᠷᠠᠳᠢᠣ᠋ ᠨᠡᠪᠲᠡᠷᠡᠭᠦᠯᠭᠡ ᠪᠣᠯᠤᠨ ᠰᠣᠨᠢᠨ ᠰᠡᠳᠭᠦᠯ ᠳ᠋ᠦ᠍ ᠡᠬᠡ ᠪᠢᠴᠢᠭ ᠬᠠᠩᠭᠠᠵᠤ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠪᠣᠯᠤᠨ ︽ ᠲᠦᠩᠯᠢᠶᠣᠤ ᠡᠳᠦᠷ ᠦ᠋ᠨ ᠰᠣᠨᠢᠨ ︾ ᠤ ᠣᠨᠴᠠ ᠤᠷᠢᠭᠰᠠᠨ ᠴᠢᠮᠡᠭᠡᠯᠡᠭᠴᠢ ᠪᠣᠯᠤᠭᠰᠠᠨ ᠠ᠋ᠴᠠ ᠤᠳᠭ᠎ᠠ ᠵᠣᠬᠢᠶᠠᠯ ᠤ᠋ᠨ ᠬᠣᠢᠨ᠎ᠠ ᠠ᠋ᠴᠠ ᠬᠥᠭᠡᠭᠡᠴᠡᠯᠳᠦᠬᠦ ᠬᠦᠰᠡᠯ ᠵᠣᠷᠢᠭ ᠲᠠᠢ ᠪᠣᠯᠪᠠ ᠃ ᠶᠡᠷᠡᠭᠡᠳ ᠣᠨ ᠤ᠋ ᠡᠬᠢ ᠪᠡᠷ ᠤᠷᠠᠨ ᠵᠣᠬᠢᠶᠠᠯ ᠣᠷᠤᠯᠳᠤᠵᠤ ᠠᠩᠬᠠᠨ ᠤ ᠥᠭᠦᠯᠡᠯᠭᠡ ︽ ᠬᠦᠰᠡᠯ ᠭᠦᠶᠦᠯᠭᠡᠨᠡᠭᠰᠡᠨ ᠨᠢᠳᠦᠳ ︾  ᠢᠶᠡᠨ ︽ ᠬᠤᠨ ᠭᠠᠯᠠᠭᠤ ︾ ᠰᠡᠳᠭᠦᠯ ᠳ᠋ᠦ᠍ ᠨᠡᠢᠲᠡᠯᠡᠭᠦᠯᠦᠭᠰᠡᠨ ᠡᠴᠡ ᠨᠠᠭᠠᠰᠢ ︽ ᠨᠠᠢ᠍ᠮᠠᠨ ᠤ᠋ ᠤᠷᠠᠨ ᠵᠣᠬᠢᠶᠠᠯ ︾ ᠂ ︽ ᠰᠢᠷ᠎ᠠ ᠮᠥᠷᠡᠨ ︾ ᠂ ︽ ᠵᠢᠷᠢᠮ ᠦ᠋ᠨ ᠤᠷᠠᠨ ᠵᠣᠬᠢᠶᠠᠯ ︾ ᠂ ︽ ᠬᠤᠨ ᠭᠠᠯᠠᠭᠤ ︾ ᠂ ︽ ᠥᠨᠢᠷ ᠴᠡᠴᠡᠭ ︾ ᠂ ︽ ᠵᠢᠷᠦᠬᠡᠨ ᠳ᠋ᠦ᠍ ᠲᠡᠯᠭᠡᠷᠡᠭᠰᠡᠨ ᠰᠠᠷᠠᠭᠠᠢ ︾ ᠂ ︽ ᠤᠴᠢᠷ ᠲᠠᠢ ᠪᠤᠷᠬᠠᠳ ︾ ᠂ ︽ ᠬᠠᠰ ᠭᠠᠷᠤᠳᠢ ︾ ᠵᠡᠷᠭᠡ ᠲᠠᠪᠢ ᠭᠠᠷᠤᠢ ᠥᠭᠦᠯᠡᠯᠭᠡ ᠲᠤᠭᠤᠵᠢ ᠪᠠᠨ ᠨᠡᠢᠲᠡᠯᠡᠭᠦᠯᠦᠭᠰᠡᠨ ᠪᠠᠢᠨ᠎ᠠ ᠃ 2006 ᠣᠨ ᠳ᠋ᠤ᠌ ᠠᠩᠬᠠᠨ ᠤ ᠥᠭᠦᠯᠡᠯᠭᠡ ᠲᠤᠭᠤᠵᠢ  ᠶᠢᠨ ᠲᠡᠭᠦᠪᠦᠷᠢ ︽ ᠬᠤᠯᠠ  ᠶᠢᠨ ᠲᠡᠷᠭᠡᠯ ᠰᠠᠷᠠ ︾ ᠵᠢ ᠨᠢ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ ᠃ ᠣᠳᠣ ᠲᠡᠷᠡ ᠂ ᠥᠪᠦᠷ ᠮᠣᠩᠭᠤᠯ ᠤ᠋ᠨ ᠠᠷᠠᠳ ᠤᠨ ᠠᠮᠠᠨ ᠵᠣᠬᠢᠶᠠᠯᠴᠢᠳ ᠤᠷᠠᠯᠢᠭᠴᠢᠳ ᠤᠨ ᠡᠪᠯᠡᠯ ᠦ᠋ᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠪᠣᠯᠵᠤ ᠂ ᠥᠪᠡᠷ ᠦ᠋ᠨ ᠵᠢᠭᠠᠨ ᠰᠤᠷᠭᠠᠬᠤ ᠠᠵᠢᠯ ᠳ᠋ᠠᠭᠠᠨ ᠮᠡᠷᠡᠢᠬᠦ ᠶ᠋ᠢᠨ ᠬᠠᠮᠲᠤ ᠳᠤᠷ᠎ᠠ ᠪᠠᠬᠠᠲᠠᠢ ᠵᠣᠬᠢᠶᠠᠨ ᠪᠦᠲᠦᠭᠡᠬᠦ ᠠᠵᠢᠯ ᠳ᠋ᠠᠭᠠᠨ ᠰᠢᠮᠳᠠᠵᠤ ᠪᠠᠢᠨ᠎ᠠ ᠃