ᠨᠡᠷ᠎ᠡ:
ᠳ᠋ · ᠡᠷᠳᠡᠮᠲᠦ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠳ᠋ · ᠡᠷᠳᠡᠮᠲᠦ ᠶ᠋ᠢᠨ ᠳᠥᠭᠦᠮ ᠲᠠᠨᠢᠯᠴᠠᠭᠤᠯᠭ᠎ᠠ ᠡᠷᠳᠡᠮᠲᠦ1962 ᠣᠨ ᠤ᠋ 5 ᠰᠠᠷ᠎ᠠ ᠶ᠋ᠢᠨ 10 ᠤ ᠠ᠋ᠳᠤᠷ ᠂ ᠬᠦᠷᠢᠶ᠎ᠡ ᠬᠣᠰᠢᠭᠤᠨ ᠤ᠋ ᠪᠠᠶᠠᠨᠬᠤᠸᠠ ᠪᠠᠯᠭᠠᠰᠤ ᠶ᠋ᠢᠨ ᠴᠠᠬᠠᠷ ᠭᠠᠴᠠᠭ᠎ᠠ ᠶ᠋ᠢᠨ ᠣᠩᠭᠤᠴᠠᠲᠠᠢ ᠠᠢᠯ ᠳ᠋ᠥ ᠵᠠᠶᠠᠭᠠᠵᠠᠢ ᠃ ᠣᠳᠣ ᠲᠦᠩᠯᠢᠶᠣᠤ ᠬᠤᠳᠠ ᠶᠢᠨ ᠬᠦᠷᠢᠶ᠎ᠡ ᠬᠣᠰᠢᠭᠤᠨ ᠤ᠋ ᠨᠠᠮ ᠤᠨ ᠬᠣᠷᠢᠶ᠎ᠠ ᠳ᠋ᠥ ᠲᠡᠦᠬᠡ ᠣᠢᠯᠠᠯᠭ᠎ᠠ ᠡᠷᠬᠢᠯᠡᠨ ᠨᠠᠢᠷᠠᠭᠤᠯᠤᠭᠴᠢ ᠶ᠋ᠢᠨ ᠠᠵᠢᠯ ᠬᠢᠵᠦ ᠪᠤᠢ ᠃ ᠳ᠋᠊ ·ᠡᠷᠳᠡᠮᠲᠦ ᠶ᠋ᠢᠨ ᠵᠣᠬᠢᠶᠠᠨ ᠪᠦᠲᠦᠭᠡᠭᠰᠡᠨ ᠪᠠᠢᠳᠠᠯ ᠄ 1980 ︱ 1984 ᠣᠨ ᠳ᠋ᠥ ᠂ ᠬᠤᠳᠤᠮ ᠮᠣᠩᠭᠤᠯ ᠬᠡᠯᠡᠨ ᠦ᠌ ︽ ᠮᠦᠸᠸᠯ ︾ ᠴᠠᠬᠢᠯᠭᠠᠨ ᠮᠡᠳᠡᠭᠡ ᠶᠢᠨ ᠣᠨᠤᠯ ᠢ᠋ ᠰᠤᠳᠤᠯᠤᠨ ᠪᠦᠲᠦᠭᠡᠪᠡ ᠃ 1991ᠣᠨ ᠳ᠋ᠤ᠌ ︽ ᠣᠷᠭᠠᠨᠢᠭ ᠴᠣᠭᠴᠠᠲᠤ ᠠᠷᠪᠠᠨ ᠰᠢᠰᠲ᠋ᠧᠮᠲᠦ ᠬᠠᠮᠢᠶᠠᠷᠤᠯᠲᠠ ᠶ᠋ᠢᠨ ᠤᠬᠠᠭᠠᠨ ︾ ᠢᠶᠡᠨ ᠪᠢᠴᠢᠵᠦ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ᠤ᠋ ᠮᠣᠩᠭᠤᠯ ᠬᠡᠪᠯᠡᠯ ︾ ᠳ᠋ᠦ ᠨᠡᠢᠲᠡᠯᠡᠪᠡ ᠃ 1992 ᠣᠨ ᠤ᠋ 5 ᠰᠠᠷ᠎ᠠ ︽ ᠵᠢᠭᠠᠨ ᠰᠤᠷᠭᠠᠬᠤ ᠬᠠᠮᠲᠤᠯᠢᠭ ᠪᠠᠭᠠᠵᠢ ︾ ᠶᠢ ᠰᠤᠳᠤᠯᠤᠨ ᠪᠦᠲᠦᠭᠡᠵᠦ ᠤᠯᠤᠰ ᠤᠨ ᠲᠤᠰᠭᠠᠢ ᠠᠰᠢᠭ ᠤᠨ ᠡᠷᠬᠡ ᠶ᠋ᠢ ᠣᠯᠪᠠ ᠃ ᠲᠤᠰ ᠵᠢᠯ ᠡᠴᠡ ᠡᠬᠢᠯᠡᠨ 2008 ᠣᠨ ᠪᠣᠯᠲᠠᠯ᠎ᠠ ︽ ᠲᠦᠩᠯᠢᠶᠣᠤ ᠶ᠋ᠢᠨ ᠡᠳᠦᠷ ᠦ᠋ᠨ ᠰᠣᠨᠢᠨ ︾ ᠂ ︽ ᠵᠢᠷᠢᠮ ᠦ᠋ᠨ ᠤᠷᠠᠨ ᠵᠣᠬᠢᠶᠠᠯ ︾ ᠂ ︽ ᠠᠨᠳᠠᠢ ︾ ᠵᠡᠷᠭᠡ ᠰᠣᠨᠢᠨ ᠰᠡᠳᠭᠢᠯ ᠳ᠋ᠥ ᠵᠠᠭᠤ ᠭᠠᠷᠤᠢ ᠰᠢᠯᠦᠭ ᠨᠠᠢᠷᠠᠭᠤᠯᠤᠯ ᠂ ᠥᠭᠦᠯᠡᠯ ᠨᠡᠢᠲᠡᠯᠡᠪᠡ ᠃ 2002 ᠣᠨ ᠳ᠋ᠥ ︽ ᠰᠣᠳᠤᠨ ᠣᠳᠤᠳ ︾ ᠭᠡᠳᠡᠭ ᠤᠷᠠᠨ ᠵᠣᠬᠢᠶᠠᠯ ᠤ᠋ᠨ ᠲᠡᠭᠦᠪᠦᠷᠢ ᠪᠠᠨ ᠬᠡᠪᠯᠡᠭᠦᠯᠪᠡ ᠃ 2007 ᠣᠨ ᠳ᠋ᠥ ᠡᠭᠦᠳᠦᠭᠰᠡᠨ ︽ ᠰᠠᠨᠰᠠᠷ ᠰᠢᠲᠠᠷ᠎ᠠ ︾ ᠨᠢ ᠤᠯᠤᠰ ᠤᠨ ︽ ᠲᠤᠰᠭᠠᠢ ᠡᠷᠬᠡ ︾ ᠣᠯᠪᠠ ᠃ 2009 ᠣᠨ ᠳ᠋ᠤ᠌ ︽ ᠬᠦᠰᠡᠯ ᠳᠠᠯᠠᠯᠤᠭᠰᠠᠨ ᠬᠦᠷᠢᠶ᠎ᠡ ︾ ᠂ ︽ ᠴᠢᠩᠭᠢᠰ ᠬᠠᠭᠠᠨ ︾ ᠭᠡᠳᠡᠭ ᠬᠣᠶᠠᠷ ᠰᠢᠯᠦᠭ ᠲᠦ᠍ ᠪᠠᠨ ᠠᠶ᠎ᠠ ᠵᠣᠬᠢᠶᠠᠯᠭᠠᠵᠤ ᠳᠠᠭᠤᠤ ᠪᠣᠯᠭᠠᠨ ︽ ᠬᠦᠷᠢᠶ᠎ᠡ ᠬᠣᠰᠢᠭᠤᠨ ᠤ᠋ ᠲᠡᠦᠬᠡ ᠰᠣᠶᠤᠯ ︾ ᠢᠶᠡᠨ ᠬᠡᠪᠯᠡᠭᠦᠯᠵᠦ ᠲᠠᠷᠬᠠᠭᠠᠪᠠ ᠃ 2010 ᠣᠨ ᠤ᠋ 7 ᠰᠠᠷ᠎ᠠ ︽ ᠮᠣᠩᠭᠤᠯ ᠰᠣᠶᠤᠯ ᠰᠦᠯᠵᠢᠶ᠎ᠡ ︾ ᠤᠨ ︽ ᠣᠳᠣ ᠦᠶ᠎ᠡ ᠶᠢᠨ ᠵᠣᠬᠢᠶᠠᠯᠴᠢ ᠪᠠ ᠡᠷᠳᠡᠮᠲᠡᠨ ︾ ᠭᠡᠳᠡᠭ ᠪᠤᠯᠤᠩ ᠲᠦ᠍ ᠪᠠᠨ ︽ ᠵᠣᠬᠢᠶᠠᠯᠴᠢ ᠳ᠋ · ᠡᠷᠳᠡᠮᠲᠦ ︾ ᠭᠡᠵᠦ ᠲᠠᠨᠢᠯᠴᠠᠭᠤᠯᠭ᠎ᠠ ᠬᠢᠵᠡᠢ ᠃ 2010 ᠣᠨ ᠳ᠋ᠤ᠌ ︽ ᠬᠦᠷᠢᠶ᠎ᠡ ᠬᠣᠰᠢᠭᠤᠨ ᠤ᠋ ᠣᠢᠯᠠᠯᠭ᠎ᠠ ︾ ᠶᠢ ᠨᠠᠢᠷᠠᠭᠤᠯᠬᠤ ᠳ᠋ᠥ ᠣᠷᠤᠯᠴᠠᠪᠠ ᠃ 2011 ᠣᠨ ᠳ᠋ᠥ ᠂ ᠲᠤᠭᠤᠵᠢ ︽ ᠠᠰᠬᠠᠨ ᠰᠧᠯᠢᠩ ︾ ᠢᠶᠡᠨ ᠨᠡᠢᠲᠡᠯᠡᠭᠰᠡᠨ ᠪᠠᠢᠨ᠎ᠠ ᠃ 2011 ᠣᠨ ᠤ᠋ 10 ᠰᠠᠷ᠎ᠠ ᠶᠢᠨ 27 ᠤ ᠡᠳᠦᠷ ᠦ᠋ᠨ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠤ ︽ ᠮᠣᠩᠭᠤᠯ ᠪᠦᠷᠭᠡᠴᠢᠨ ︾ ᠪᠤᠯᠤᠩ ᠳ᠋ᠥ ᠪᠠᠨ ᠳ᠋ · ᠡᠷᠳᠡᠮᠲᠦ ᠶ᠋ᠢ ᠲᠠᠨᠢᠯᠴᠠᠭᠤᠯᠭ᠎ᠠ ᠬᠢᠵᠡᠢ ᠃ 2011 ᠣᠨ ᠤ᠋ 11 ᠰᠠᠷ᠎ᠠ ᠶᠢᠨ 28 ᠳ᠋ᠥ ︽ ᠳᠤᠮᠳᠠᠳᠤ ᠤᠯᠤᠰ ᠤᠨ ᠮᠣᠩᠭᠤᠯ ᠬᠡᠯᠡᠨ ᠦ᠌ ᠰᠣᠨᠢᠨ ᠮᠡᠳᠡᠭᠡ ᠶ᠋ᠢᠨ ᠰᠦᠯᠵᠢᠶ᠎ᠡ ︾ ᠶᠢᠨ ︽ ᠰᠣᠶᠤᠯ ᠤᠷᠠᠯᠢᠭ ︱ ᠵᠢᠳᠭᠦᠯᠲᠡᠨ ︾ ᠪᠤᠯᠤᠩ ᠳ᠋ᠥ ︽ ᠮᠣᠩᠭᠤᠯ ᠰᠣᠶᠤᠯ ᠢ᠋ᠶ᠋ᠡᠨ ᠳᠡᠭᠡᠳᠦᠯᠡᠵᠦ ᠶᠠᠪᠤᠭ᠎ᠠ ᠳ᠋᠊ · ᠠ᠋ᠷᠳᠡᠮᠲᠦ ︾ ᠭᠡᠵᠦ ᠲᠠᠨᠢᠯᠴᠠᠭᠤᠯᠪᠠ ᠃ 2012 ᠣᠨ ᠳ᠋ᠥ ︽ ᠬᠦᠷᠢᠶ᠎ᠡ ᠠᠨᠳᠠᠢ ᠲᠣᠪᠴᠢᠶ᠎ᠠ ︾ ᠳ᠋ᠥ ︽ ᠠᠨᠳᠠᠢ ᠂ ᠠᠨᠳᠠᠢᠴᠢᠨ ᠰᠤᠳᠤᠯᠤᠭᠴᠢ ᠳ᠋ · ᠡᠷᠳᠡᠮᠲᠦ ︾ ᠭᠡᠵᠦ ᠲᠡᠮᠳᠡᠭᠯᠡᠭᠳᠡᠪᠡ ᠃ 2013 ᠣᠨ ᠳ᠋ᠥ ︽ ᠬᠥᠬᠡ ᠰᠦᠯᠳᠡ ︾ ᠪᠣᠯᠤᠨ ︽ ᠴᠠᠭᠠᠨ ᠰᠦᠯᠳᠡ ︾ ᠶᠢ ᠡᠭᠦᠳᠦᠨ ᠂ ᠤᠯᠠᠮᠵᠢᠯᠠᠯᠲᠤ ︽ ᠭᠤᠷᠪᠠᠨ ᠰᠦᠯᠳᠡ ︾ ᠶᠢ ᠮᠥᠩᠬᠡ ᠲᠡᠭᠷᠢ ᠰᠣᠶᠤᠯ ᠤ᠋ᠨ ︽ ᠲᠠᠪᠤᠨ ᠰᠦᠯᠳᠡ ︾ ᠰᠣᠶᠤᠯ ᠪᠣᠯᠭᠠᠨ ᠬᠥᠭᠵᠢᠭᠦᠯᠪᠡ ᠃ 2014 ᠣᠨ ᠳ᠋ᠥ ᠂ ᠬᠢᠲᠠᠳ ᠬᠡᠪᠯᠡᠯ ᠦ᠋ᠨ ︽ ᠲᠦᠩᠯᠢᠶᠣᠤ ᠭᠠᠵᠠᠷ ᠤᠨ ᠨᠡᠷᠡᠰ ᠦ᠋ᠨ ᠦᠯᠢᠬᠡᠷ ︾ ᠲᠦ᠍ ᠶᠢᠰᠦᠨ ᠵᠣᠬᠢᠶᠠᠯ ᠨᠡᠢᠲᠡᠯᠡᠭᠦᠯᠪᠡ ᠃ ᠡᠭᠦᠨ ᠡᠴᠡ ᠭᠠᠳᠠᠨ᠎ᠠ ︽ ᠬᠦᠷᠢᠶ᠎ᠡ ᠤᠶᠢᠯᠠᠪᠤᠷᠢ ︾ ︵ 2016 ︶ ᠂ ︵ 2017 ︶ ᠂ ︵ 2018 ︶ ᠂ ︽ ᠬᠦᠷᠢᠶ᠎ᠡ ᠬᠣᠰᠢᠭᠤᠨ ᠤ᠋ ᠵᠠᠬᠢᠳᠠᠯ ᠰᠤᠷᠪᠤᠯᠵᠢᠯᠭ᠎ᠠ ᠶᠢᠨ ᠣᠢᠯᠠᠯᠭ᠎ᠠ ︾ ᠂ ︽ ᠬᠦᠷᠢᠶ᠎ᠡ ᠬᠣᠰᠢᠭᠤᠨ ᠤ᠋ ᠭᠠᠵᠠᠷ ᠣᠷᠤᠨ ᠤ᠋ ᠭᠠᠢᠯᠢ ᠶ᠋ᠢᠨ ᠣᠢᠯᠠᠯᠭ᠎ᠠ ︾ ᠶᠢ ᠨᠡᠶᠢᠷᠠᠭᠤᠯᠤᠨ ᠬᠡᠪᠯᠡᠪᠡ ᠃ 2010 ︱2018 ᠣᠨ ᠤ᠋ ᠬᠣᠭᠤᠷᠤᠨᠳᠤ ᠂ ᠮᠣᠩᠭᠤᠯ ᠰᠦᠯᠵᠢᠶ᠎ᠡ ︵ ᠰᠣᠨᠢᠨ ᠰᠦᠯᠵᠢᠶ᠎ᠡ ᠂ ᠰᠣᠶᠤᠯ ᠰᠦᠯᠵᠢᠶ᠎ᠡ ᠂ ᠬᠣᠯᠪᠤᠭ᠎ᠠ ᠰᠦᠯᠵᠢᠶ᠎ᠡ ᠪᠣᠯᠤᠨ ᠴᠢᠩᠭᠢᠰ ᠰᠦᠯᠵᠢᠶ᠎ᠡ ᠵᠡᠷᠭᠡ ︶ ᠳ᠋ᠥ 2000 ᠭᠠᠷᠤᠢ ᠵᠣᠬᠢᠶᠠᠯ ᠪᠢᠴᠢᠵᠦ ᠨᠡᠢᠲᠡᠯᠡᠭᠰᠡᠨ ᠪᠠᠢᠨ᠎ᠠ ᠃ 2018 ᠣᠨ ᠳ᠋ᠥ ᠂ ᠭᠤᠷᠪᠠᠳᠤᠭᠠᠷ ᠲᠤᠭᠤᠵᠢ ᠶᠢᠨ ᠵᠣᠬᠢᠶᠠᠯ ︽ ᠪᠢᠯᠢᠬᠦᠳᠡᠢ ᠶᠢᠨ ᠲᠤᠤᠯᠢ ︾ ᠪᠠᠨ ᠪᠢᠴᠢᠵᠦ ᠪᠠᠷᠠᠭᠠᠭᠠᠳ ᠬᠡᠪᠯᠡᠬᠦ ᠭᠡᠵᠦ ᠪᠤᠢ ᠃ ᠬᠠᠶᠢᠭ ᠄ ᠬᠦᠷᠢᠶ᠎ᠡ ᠬᠣᠰᠢᠭᠤᠨ ᠤ᠋ ᠨᠠᠮ ᠤᠨ ᠬᠣᠷᠢᠶ᠎ᠠ ᠶ᠋ᠢᠨ ᠠᠯᠪᠠᠨ ᠬᠡᠷ 028200 ᠭᠠᠷ ᠤᠲᠠᠰᠤ ᠄ 13514759805 ᠠᠯᠪᠠᠨ ᠤᠲᠠᠰᠤ ᠄ 04754777020 ᠬᠢᠲᠠᠳ ᠢ᠋ᠶ᠋ᠠᠷ ᠄库伦旗委办公室 德 · 额日德木图
Copyight 2016 by nmgmzw.gov.cn All Rights Reserved