ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠭᠠᠯᠳᠣᠳ ᠣᠪᠤᠭᠲᠠᠨ ᠤ᠋ ᠴᠡᠷᠢᠨᠵᠠᠪ ᠤᠨ ᠰᠣᠳᠤᠪᠢᠯᠢᠭ᠌ 

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠢᠷᠠᠭᠤ ᠨᠠᠢᠷᠠᠭᠴᠢ ᠂ ᠤᠳᠭ᠎ᠠ ᠵᠣᠬᠢᠶᠠᠯ ᠤ᠋ᠨ ᠰᠢᠭᠦᠮᠵᠢᠯᠡᠭᠴᠢ ᠂ ᠭᠠᠯᠳᠣᠳ ᠣᠪᠤᠭᠲᠠᠨ ᠤ᠋ ᠴ‍ ᠂ ᠰᠣᠳᠤᠪᠢᠯᠢᠭ᠌ ︵ ᠪᠢᠷ ᠦ᠋ᠨ ᠨᠡᠷ᠎ᠡ ᠴ‍ ᠂ ᠮᠢᠩᠭᠠᠨ ︶ ᠂ 1965 ᠣᠨ ᠤ᠋ 10 ᠰᠠᠷ᠎ᠠ  ᠶᠢᠨ 17 ᠤ ᠡᠳᠦᠷ ᠲᠥᠷᠦᠵᠡᠢ ᠃ ᠰᠢᠯᠢ  ᠶᠢᠨ ᠭᠣᠣᠯ ᠠᠢᠮᠠᠭ ᠤ᠋ᠨ ᠰᠢᠯᠤᠭᠤᠨ ᠬᠥᠬᠡ ᠬᠣᠰᠢᠭᠤᠨ ᠤ᠋ ᠬᠥᠮᠦᠨ ᠃ ᠠᠷᠠᠳ ᠤᠨ ᠴᠠᠭᠳᠠᠭ᠎ᠠ ᠶ᠋ᠢᠨ ᠠᠯᠪᠠ ᠲᠠᠢ ᠃ ᠣᠳᠣ ᠰᠢᠯᠢ  ᠶᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠣᠰᠢᠭᠤᠨ ᠤ᠋ ᠳᠣᠲᠤᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠤᠯᠤᠰ ᠲᠥᠷᠦ ᠶ᠋ᠢᠨ ᠺᠣᠮᠰᠰᠠᠷ  ᠢᠶᠠᠷ ︵ ᠳᠡᠳ᠋ ᠭᠠᠵᠠᠷ ᠤᠨ ᠲᠠᠰ ︶ ᠠᠵᠢᠯᠯᠠᠵᠤ ᠪᠠᠢᠨ᠎ᠠ ᠃ ᠨᠢᠭᠡᠳᠦᠭᠡᠷ ᠲᠠᠰ ᠤᠨ ᠴᠠᠭᠳᠠᠭᠠᠨ ᠵᠠᠬᠢᠷᠤᠭᠴᠢ ᠶ᠋ᠢᠨ ᠴᠣᠯᠠ ᠲᠠᠢ ᠃ 1987 ᠣᠨ ᠠ᠋ᠴᠠ ᠥᠨᠦ ᠪᠣᠯᠲᠠᠯ᠎ᠠ ᠮᠢᠩᠭ᠎ᠠ ᠭᠠᠷᠤᠢ ᠰᠢᠯᠦᠭ ᠨᠠᠢᠷᠠᠭᠤᠯᠤᠯ ᠂ ᠰᠢᠭᠦᠮᠵᠢ ᠥᠭᠦᠯᠡᠯ ᠂ ᠮᠡᠳᠡᠭᠡᠯᠡᠯ ᠦ᠋ᠨ ᠤᠷᠠᠨ ᠵᠣᠬᠢᠶᠠᠯ ᠪᠠ ᠳᠠᠭᠤᠤ ᠶ᠋ᠢᠨ ᠰᠢᠯᠦᠭ ᠨᠡᠢᠲᠡᠯᠡᠭᠦᠯᠦᠭᠰᠡᠨ ᠪᠠᠢᠨ᠎ᠠ ᠃ ᠲᠡᠭᠦᠨ ᠦ᠌ ᠵᠠᠭᠤ ᠭᠠᠷᠤᠢ ᠵᠣᠬᠢᠶᠠᠯ ᠪᠦᠲᠦᠭᠡᠯ ᠨᠢ ᠤᠷᠢᠳ ᠬᠣᠵᠢᠳ ︿︿ ᠮᠣᠩᠭᠤᠯ ᠦᠨᠳᠦᠰᠦᠲᠡᠨ ᠦ᠌ ᠣᠳᠣ ᠦᠶ᠎ᠡ ᠶ᠋ᠢᠨ ᠵᠠᠯᠠᠭᠤ ᠰᠢᠯᠦᠭᠴᠢᠳ ᠦ᠋ᠨ ᠭᠢᠯᠪᠡᠭᠡᠨ ᠰᠢᠯᠦᠭ ᠦ᠋ᠨ ᠰᠣᠩᠭᠤᠮᠠᠯ ﹀﹀ ᠂ ︿︿ ᠥᠪᠦᠷ ᠮᠣᠩᠭᠤᠯ ᠤ᠋ᠨ ᠣᠳᠣ ᠦᠶ᠎ᠡ ᠶᠢᠨ ᠰᠢᠯᠦᠭ ᠦ᠋ᠨ ᠰᠣᠩᠭᠤᠮᠠᠯ ﹀﹀ ᠂ ︽ ᠳᠤᠮᠳᠠᠳᠤ ᠤᠯᠤᠰ ᠤ᠋ᠨ ᠰᠢᠨ᠎ᠡ ᠡᠷᠢᠨ ᠦ᠌ ᠮᠣᠩᠭᠤᠯ ᠤᠷᠠᠨ ᠵᠣᠬᠢᠶᠠᠯ ᠤᠨ ᠰᠣᠩᠭᠤᠮᠠᠯ ︾ ᠵᠡᠷᠭᠡ ᠳᠥᠴᠢᠨ ᠬᠡᠳᠦᠨ ᠮᠣᠩᠭᠤᠯ ᠬᠢᠲᠠᠳ ᠲᠡᠭᠦᠪᠦᠷᠢ ᠪᠠ ᠴᠤᠪᠤᠷᠠᠯ ᠨᠣᠮ ᠳ᠋ᠤ᠌ ᠰᠣᠩᠭᠤᠭᠳᠠᠵᠠᠢ ᠃ ᠬᠡᠰᠡᠭ ᠰᠢᠯᠦᠭ ᠨᠢ ︽ ᠳᠤᠮᠳᠠᠳᠤ ᠤᠯᠤᠰ ᠤ᠋ᠨ ᠮᠣᠩᠭᠤᠯ ᠦᠨᠳᠦᠰᠦᠲᠡᠨ ᠦ᠌ ᠣᠳᠣ ᠦᠶ᠎ᠡ ᠶ᠋ᠢᠨ ᠰᠢᠯᠦᠭ ᠦ᠋ᠨ ᠰᠣᠩᠭᠤᠮᠠᠯ ︾ ︵ ᠺᠢᠷᠢᠯ ᠢ᠋ᠶ᠋ᠡᠷ ︶ ᠂ ︽ ᠥᠪᠦᠷ ᠮᠣᠩᠭᠤᠯ ᠤ᠋ᠨ ᠢᠷᠠᠭᠤ ᠨᠠᠢᠷᠠᠭ ᠤ᠋ᠨ ᠳᠡᠭᠡᠵᠢᠰ ︾ ︵ ᠺᠢᠷᠢᠯ ᠢ᠋ᠶ᠋ᠡᠷ ︶ ᠨᠣᠮ ᠳ᠋ᠤ᠌ ᠰᠣᠩᠭᠤᠭᠳᠠᠵᠤ ᠮᠣᠩᠭᠤᠯ ᠤᠯᠤᠰ ᠲᠤ᠌ ᠲᠠᠨᠢᠯᠴᠠᠭᠤᠯᠤᠭᠳᠠᠵᠤ ᠥᠩᠭᠡᠷᠡᠭᠰᠡᠨ ᠪᠠᠢᠨ᠎ᠠ ᠃ ᠨᠢᠭᠡ ᠂ ᠬᠡᠪᠯᠡᠭᠦᠯᠦᠭᠰᠡᠨ ᠨᠣᠮ ᠤᠳ ᠄ 1. ︿︿ ᠲᠣᠭᠤᠨᠤᠨ ᠳᠡᠭᠡᠷ᠎ᠡ ᠬᠣᠨᠤᠭᠰᠠᠨ ᠣᠳᠤᠳ ﹀﹀ ︵ ᠠᠩᠬᠠᠨ ᠤ᠋ ᠰᠢᠯᠦᠭ ᠦ᠋ᠨ ᠨᠣᠮ 2001 ᠣᠨ ᠳ᠋ᠤ᠌ ᠂ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠪᠡ ︶ 2. ︿︿ ᠬᠣᠶᠠᠷ ᠵᠠᠭᠠᠯ ᠤᠨ ᠲᠤᠤᠯᠢᠰ ﹀﹀ ︵ ᠬᠣᠶᠠᠳᠠᠬᠢ ᠰᠢᠯᠦᠭ ᠦ᠋ᠨ ᠨᠣᠮ 2006 ᠣᠨ ᠳ᠋ᠤ᠌ ᠂ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠪᠡ ︶ 3. ︽ ᠠᠵᠠ ᠶᠢᠨ ᠴᠡᠩᠬᠡᠷ ᠣᠷᠤᠨ ︾ ︵ ᠭᠤᠷᠪᠠᠳᠠᠬᠢ ᠰᠢᠯᠦᠭ ᠦ᠋ᠨ ᠨᠣᠮ 2009 ᠣᠨ ᠳ᠋ᠤ᠌ ᠂ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠪᠡ ︶ 4. ︽ ᠨᠠᠢᠷᠠᠭ ᠤ᠋ᠨ ᠰᠠᠴᠤᠯᠢ ︾ ︵ ᠳᠥᠷᠪᠡᠳᠡᠬᠢ ᠰᠢᠯᠦᠭ ᠦ᠋ᠨ ᠨᠣᠮ 2012 ᠣᠨ ᠳ᠋ᠤ᠌ ᠂ ᠮᠣᠩᠭᠤᠯ ᠤᠯᠤᠰ ᠤ᠋ᠨ ᠤᠯᠠᠭᠠᠨᠪᠠᠭᠠᠲᠤᠷ ᠬᠣᠲᠠᠨ᠎ᠠ ᠺᠢᠷᠢᠯ ᠦᠰᠦᠭ ᠢ᠋ᠶ᠋ᠡᠷ ᠬᠡᠪᠯᠡᠭᠦᠯᠪᠡ ︶ 5. ︽ ᠰᠢᠷ᠎ᠠ ᠲᠠᠯ᠎ᠠ  ᠶᠢᠨ ᠠᠯᠳᠠᠩᠬᠸ᠎ᠡ ︾ ︵ ᠲᠠᠪᠤᠳᠠᠬᠢ ᠰᠢᠯᠦᠭ ᠦ᠋ᠨ ᠨᠣᠮ 2016 ᠣᠨ ᠳ᠋ᠤ᠌ ᠂ ᠲᠥᠪ ᠦ᠋ᠨ ᠦᠨᠳᠦᠰᠦᠲᠡᠨ ᠦ᠌ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠪᠡ ︶ ᠡᠭᠦᠨ ᠡᠴᠡ ᠭᠠᠳᠠᠨ᠎ᠠ 2007 ᠣᠨ ᠳ᠋ᠤ᠌ ᠂ ᠲᠠᠪᠢᠨ ᠲᠦᠮᠡᠨ ᠦᠰᠦᠭ ᠪᠦᠬᠦᠢ ︿︿ ᠰᠥᠨᠢᠳ ᠵᠡᠭᠦᠨ ᠬᠣᠰᠢᠭᠤᠨ ᠤ᠋ ᠳᠣᠲᠤᠭᠠᠳᠤ ᠶ᠋ᠢ ᠬᠠᠮᠠᠭᠠᠯᠠᠬᠤ ᠣᠢᠯᠠᠯᠭ᠎ᠠ ﹀﹀ ᠶᠢ ᠬᠢᠲᠠᠳ ᠮᠣᠩᠭᠤᠯ ᠬᠣᠶᠠᠷ ᠬᠡᠯᠡ ᠪᠠᠷ ᠨᠠᠢᠷᠠᠭᠤᠯᠤᠨ ᠬᠡᠪᠯᠡᠭᠦᠯᠵᠦ ᠂ 2008 ᠣᠨ ᠳ᠋ᠤ᠌ ︿︿ ᠨᠠᠢᠷᠠᠭ ᠤ᠋ᠨ ᠰᠢᠳᠢ ᠤᠷᠠᠯᠢᠭ ᠤ᠋ᠨ ᠠᠮᠲᠠᠷᠬᠠᠯ ﹀﹀ ᠬᠡᠮᠡᠬᠦ ᠰᠢᠭᠦᠮᠵᠢ ᠶ᠋ᠢᠨ ᠨᠣᠮ ᠢ ᠨᠠᠢᠷᠠᠭᠤᠯᠤᠨ ᠬᠡᠪᠯᠡᠭᠦᠯᠵᠡᠢ ᠃ 2017 ᠣᠨ ᠳ᠋ᠤ᠌ ᠂ ᠮᠣᠩᠭᠤᠯ ᠤᠯᠤᠰ ᠤ᠋ᠨ ᠲᠥᠷᠦ ᠶ᠋ᠢᠨ ᠱᠠᠩᠨᠠᠯᠲᠤ ᠢᠷᠠᠭᠤ ᠨᠠᠢᠷᠠᠭᠴᠢ ᠪᠠᠪᠤᠤ ᠶ᠋ᠢᠨ ᠯᠾᠬᠠᠪᠠᠰᠥ᠋ᠷᠥᠩ ᠤᠨ ︽ ᠵᠣᠪᠠᠭᠰᠠᠨ ᠰᠥ᠋ ︾ ᠬᠡᠮᠡᠬᠦ ᠨᠣᠮ  ᠢ ᠬᠤᠳᠤᠮᠴᠢᠯᠠᠵᠤ ᠂ ᠲᠥᠪ ᠦ᠋ᠨ ᠦᠨᠳᠦᠰᠦᠲᠡᠨ ᠦ᠌ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠦᠨ ᠲᠠᠷᠬᠠᠭᠠᠭᠰᠠᠨ ᠪᠠᠢᠨ᠎ᠠ ᠃  ᠬᠣᠶᠠᠷ ᠂ ᠰᠣᠶᠤᠯ ᠤᠳᠭ᠎ᠠ ᠵᠣᠬᠢᠶᠠᠯ ᠤᠨ ᠱᠠᠩᠨᠠᠯ ᠤᠳ ᠄ 1.1993 ᠣᠨ ᠳ᠋ᠤ᠌ ᠂ ︽ ᠨᠤᠲᠤᠭ ᠤ᠋ᠨ ᠪᠤᠭᠤᠷᠤᠯ ᠠᠭᠤᠯᠠᠰ ︾ ᠬᠡᠮᠡᠬᠦ ᠨᠠᠢᠷᠠᠭᠤᠯᠤᠯ ᠢ᠋ᠶ᠋ᠠᠷ ᠢ᠋ᠶ᠋ᠠᠨ ︽ ᠰᠢᠯᠢ  ᠶᠢᠨ ᠭᠣᠣᠯ ᠰᠡᠳᠭᠦᠯ ︾ ᠤᠨ ᠨᠠᠢᠷᠠᠭᠤᠯᠤᠯ ᠤ᠋ᠨ ᠤᠷᠤᠯᠳᠤᠭᠠᠨ ᠳ᠋ᠤ᠌ ᠭᠤᠷᠪᠠᠳᠤᠭᠠᠷ ᠲᠠᠰ ᠤᠨ ᠱᠠᠩᠨᠠᠯ ᠬᠦᠷᠲᠡᠪᠡ ᠃ 2.1995 ᠣᠨ ᠳ᠋ᠤ᠌ ᠂ ︽ ᠮᠥᠷᠦᠭᠡᠳᠦᠯ ︾ ᠬᠡᠮᠡᠬᠦ ᠰᠢᠯᠦᠭ ᠢ᠋ᠶ᠋ᠡᠷ ᠢ᠋ᠶ᠋ᠡᠨ ᠪᠦᠬᠦ ᠣᠷᠤᠨ ᠤ᠋ ︽ ᠤᠶᠠᠩᠭ᠎ᠠ ᠶ᠋ᠢᠨ ᠮᠦᠰᠢᠶᠡᠯ ︾ ᠢᠷᠠᠭᠤ ᠨᠠᠢᠷᠠᠭ ᠤ᠋ᠨ ᠨᠠᠭᠠᠳᠤᠮ ᠳ᠋ᠤ᠌ ᠰᠢᠯᠢᠳᠡᠭ ᠱᠠᠩᠨᠠᠯ ᠬᠦᠷᠲᠡᠪᠡ ᠃ 3.1998 ᠣᠨ ᠳ᠋ᠤ᠌ ᠂ ︽ ᠠᠢᠷᠠᠭ ᠤ᠋ᠨ ᠨᠠᠮᠤᠷ ︾ ᠬᠡᠮᠡᠬᠦ ᠰᠢᠯᠦᠭ ᠢ᠋ᠶ᠋ᠡᠷ ᠢ᠋ᠶ᠋ᠡᠨ ᠰᠢᠯᠢ  ᠶᠢᠨ ᠭᠣᠣᠯ ᠠᠢᠮᠠᠭ ᠤ᠋ᠨ ᠠᠳᠤᠭᠤᠨ ᠰᠣᠶᠤᠯ ᠤ᠋ᠨ ᠨᠠᠭᠠᠳᠤᠮ ᠳ᠋ᠤ᠌ ᠰᠢᠯᠢᠳᠡᠭ ᠱᠠᠩᠨᠠᠯ ᠬᠦᠷᠲᠡᠪᠡ ᠃ 4. 2004 ᠣᠨ ᠳ᠋ᠤ᠌ ᠂ ︽ ᠲᠡᠭᠷᠢ ᠪᠣᠳᠡᠷ ᠤᠨ ᠴᠢᠯᠠᠭᠤ ︾ ᠬᠡᠮᠡᠬᠦ ᠰᠢᠯᠦᠭ ᠢ᠋ᠶ᠋ᠡᠷ ᠢ᠋ᠶ᠋ᠡᠨ ᠪᠦᠬᠦ ᠤᠯᠤᠰ ᠤ᠋ᠨ ᠠᠩᠬᠠᠳᠤᠭᠠᠷ ᠤᠳᠠᠭᠠᠨ ᠤ᠋ ︽ ᠬᠢᠯᠥᠬᠡᠡ ᠤᠶᠠᠩᠭ᠎ᠠ ︾ ᠢᠷᠠᠭᠤ ᠨᠠᠢᠷᠠᠭ ᠤ᠋ᠨ ᠨᠠᠭᠠᠳᠤᠮ ᠳ᠋ᠤ᠌ ︽ ᠮᠥᠩᠭᠦᠨ ᠣᠳᠤᠨ ︾ ᠱᠠᠩᠨᠠᠯ ᠬᠦᠷᠲᠡᠪᠡ ᠃ 5. 2007 ᠣᠨ ᠳ᠋ᠤ᠌ ᠂ ︽ ᠮᠢᠨᠤ ᠠᠷᠠᠳ ᠤᠨ ᠳᠠᠭᠤᠤ ︾ ᠬᠡᠮᠡᠬᠦ ᠰᠢᠯᠦᠭ ᠢ᠋ᠶ᠋ᠡᠷ ᠢ᠋ᠶ᠋ᠡᠨ ᠪᠦᠬᠦ ᠤᠯᠤᠰ ᠤ᠋ᠨ ᠳᠥᠷᠪᠡᠳᠦᠭᠡᠷ ᠤᠳᠠᠭᠠᠨ ᠤ᠋ ︽ ᠬᠢᠯᠥᠬᠡᠡ ᠤᠶᠠᠩᠭ᠎ᠠ ︾ ᠢᠷᠠᠭᠤ ᠨᠠᠢᠷᠠᠭ ᠤ᠋ᠨ ᠨᠠᠭᠠᠳᠤᠮ ᠳ᠋ᠤ᠌ ︽ ᠮᠥᠩᠭᠦᠨ ᠣᠳᠤᠨ ︾ ᠱᠠᠩᠨᠠᠯ ᠬᠦᠷᠲᠡᠪᠡ ᠃ 6. 2007 ᠣᠨ ᠳ᠋ᠤ᠌ ᠂ ᠰᠥᠨᠢᠳ ᠵᠡᠭᠦᠨ ᠬᠣᠰᠢᠭᠤᠨ ᠤ᠋ ︽ ᠰᠥᠨᠢᠳ ᠰᠣᠶᠤᠯ ᠤ᠋ᠨ ᠪᠠᠢᠭᠤᠯᠤᠯᠲᠠ ᠶ᠋ᠢᠨ ᠵᠢᠳᠭᠦᠯᠲᠡᠨ ︾ ᠤ ᠲᠣᠮᠤ ᠱᠠᠩᠨᠠᠯ  ᠢ ᠬᠦᠷᠲᠡᠪᠡ ᠃ 7. 2008 ᠣᠨ ᠳ᠋ᠤ᠌ ᠂ ᠰᠥᠨᠢᠳ ᠵᠡᠭᠦᠨ ᠬᠣᠰᠢᠭᠤᠨ ᠤ᠋ ︽ ᠮᠣᠩᠭᠤᠯ ᠦᠭᠡ ᠬᠡᠯᠡ ᠦᠰᠦᠭ ᠪᠢᠴᠢᠭ ᠰᠤᠷᠴᠤ ᠬᠡᠷᠡᠭᠯᠡᠭᠰᠡᠨ ᠲᠡᠷᠢᠭᠦᠨ ᠦ᠌ ᠬᠤᠪᠢ ᠬᠥᠮᠦᠨ ︾ ᠤ ᠱᠠᠩᠨᠠᠯ  ᠢ ᠬᠦᠷᠲᠡᠪᠡ ᠃ 8. 2013 ᠣᠨ ᠳ᠋ᠤ᠌ ᠂ ︽ ᠰᠠᠯᠬᠢᠨ ᠳ᠋ᠤ᠌ ᠤᠶᠠᠩᠭᠠᠷᠠᠬᠤ ᠰᠠᠷᠭᠠᠢ  ᠶᠢᠨ ᠳᠡᠯᠪᠡᠭᠡ ︾ ᠬᠡᠮᠡᠬᠦ ᠮᠥᠴᠡᠯᠭᠡ ᠰᠢᠯᠦᠭ ᠢ᠋ᠶ᠋ᠡᠷ ᠢ᠋ᠶ᠋ᠡᠨ ᠪᠦᠬᠦ ᠣᠷᠤᠨ ᠤ᠋ ᠠᠷᠪᠠᠳᠤᠭᠠᠷ ᠬᠤᠭᠤᠴᠠᠭᠠᠨ ᠤ᠋ ᠤᠳᠭ᠎ᠠ ᠵᠣᠬᠢᠶᠠᠯ ᠤᠨ ︽ ᠰᠣᠯᠤᠩᠭ᠎ᠠ ᠱᠠᠩᠨᠠᠯ ︾ ᠢ᠋ ᠬᠦᠷᠲᠡᠪᠡ ᠃ 9. 2013 ᠣᠨ ᠳ᠋ᠤ᠌ ᠂ ᠰᠢᠯᠢ  ᠶᠢᠨ ᠭᠣᠣᠯ ᠠᠢᠮᠠᠭ ᠤ᠋ᠨ ︽ ᠰᠢᠯᠢᠳᠡᠭ ᠵᠣᠬᠢᠶᠠᠯᠴᠢ ︾  ᠶᠢᠨ ᠱᠠᠩᠨᠠᠯ  ᠢ ᠬᠦᠷᠲᠡᠪᠡ ᠃ 10. 2016 ᠣᠨ ᠳ᠋ᠤ᠌ ᠂ ᠰᠥᠨᠢᠳ ᠵᠡᠭᠦᠨ ᠬᠣᠰᠢᠭᠤᠨ ᠤ᠋ ︽ ᠰᠣᠶᠤᠯ ᠤ᠋ᠨ ᠭᠠᠪᠢᠶᠠᠨ ᠤ᠋ ᠣᠳᠤᠨ ︾ ᠱᠠᠩᠨᠠᠯ  ᠢ ᠬᠦᠷᠲᠡᠪᠡ ᠃ 11. 2017 ᠣᠨ ᠳ᠋ᠤ᠌ ᠂ ᠪᠦᠬᠦ ᠣᠷᠤᠨ ᠤ᠋ ᠮᠣᠩᠭᠤᠯ ᠮᠡᠳᠡᠭᠡᠯᠡᠯ ᠦ᠋ᠨ ᠤᠷᠠᠨ ᠵᠣᠬᠢᠶᠠᠯ ᠤᠨ ᠤᠷᠤᠯᠳᠤᠭᠠᠨ ᠤ᠋ ︽ ᠬᠣᠶᠠᠳᠤᠭᠠᠷ ᠲᠡᠰ ᠦ᠋ᠨ ᠱᠠᠩᠨᠠᠯ ︾ ᠢ᠋ ᠬᠦᠷᠲᠡᠪᠡ ᠃ 12.2017 ᠣᠨ ᠳ᠋ᠤ᠌ ᠂ ᠪᠠᠷᠠᠭᠤᠨ ᠦᠵᠦᠮᠦᠴᠢᠨ ᠬᠣᠰᠢᠭᠤᠨ ᠤ᠋ ︽ ᠮᠣᠩᠭᠤᠯ ᠦᠭᠡ ᠬᠡᠯᠡ ᠦᠰᠦᠭ ᠪᠢᠴᠢᠭ ᠰᠤᠷᠴᠤ ᠬᠡᠷᠡᠭᠯᠡᠭᠰᠡᠨ ᠲᠡᠷᠢᠭᠦᠨ ᠦ᠌ ᠬᠤᠪᠢ ᠬᠥᠮᠦᠨ ︾ ᠤ ᠱᠠᠩᠨᠠᠯ  ᠢ ᠬᠦᠷᠲᠡᠪᠡ ᠃ 13. 2018 ᠣᠨ ᠤ᠋ 7 ᠰᠠᠷ᠎ᠠ ᠳ᠋ᠤ᠌ ᠂ ᠮᠣᠩᠭᠤᠯ ᠤᠯᠤᠰ ᠤ᠋ᠨ ᠵᠣᠬᠢᠶᠠᠯᠴᠢᠳ ᠤᠨ ᠡᠪᠯᠡᠯ ᠦ᠋ᠨ ︽ ᠤᠳᠭ᠎ᠠ ᠵᠣᠬᠢᠶᠠᠯ ᠤᠨ ᠲᠥᠯᠦᠭᠡ ︾ ᠬᠦᠨᠳᠦᠲᠦ ᠱᠠᠩᠨᠠᠯ  ᠢ ᠬᠦᠷᠲᠡᠪᠡ ᠃ 14. 2018 ᠣᠨ ᠤ᠋ 7 ᠰᠠᠷ᠎ᠠ ᠳ᠋ᠤ᠌ ᠂ ᠪᠦᠬᠦ ᠣᠷᠤᠨ ᠤ᠋ ᠠᠩᠬᠠᠳᠤᠭᠠᠷ ᠤᠳᠠᠭᠠᠨ ᠤ᠋ ︽ ᠭᠠᠩᠭ᠎ᠠ  ᠶᠢᠨ ᠤᠷᠤᠰᠭᠠᠯ ︾ ᠨᠡᠷᠡᠮᠵᠢᠲᠦ ᠢᠷᠠᠭᠤ ᠨᠠᠢᠷᠠᠭ ᠤ᠋ᠨ ᠨᠠᠭᠠᠳᠤᠮ ᠳ᠋ᠤ᠌ ᠳᠥᠷᠪᠡᠳᠦᠭᠡᠷ ᠪᠠᠢᠷᠢ ᠶ᠋ᠢᠨ ᠱᠠᠩᠨᠠᠯ ᠬᠦᠷᠲᠡᠪᠡ ᠃ 15. 2018 ᠣᠨ ᠤ᠋ 8 ᠰᠠᠷ᠎ᠠ ᠳ᠋ᠤ᠌ ᠂ ᠪᠦᠬᠦ ᠤᠯᠤᠰ ᠤ᠋ᠨ ᠥᠭᠡᠷᠡᠴᠢᠯᠡᠯᠲᠡ ᠨᠡᠭᠡᠭᠡᠯᠲᠡ ᠶ᠋ᠢᠨ 40 ᠵᠢᠯ ᠦ᠋ᠨ ᠣᠢ  ᠶᠢ ᠪᠠᠶᠠᠷᠯᠠᠨ ᠪᠡᠯᠭᠡᠯᠡᠬᠦ ᠨᠠᠢᠷᠠᠭᠤᠯᠤᠯ ᠂ ᠮᠡᠳᠡᠭᠡᠯᠡᠯ ᠦ᠋ᠨ ᠤᠷᠠᠨ ᠵᠣᠬᠢᠶᠠᠯ ᠤᠨ ᠤᠷᠤᠯᠳᠤᠭᠠᠨ ᠤ᠋ ᠰᠢᠯᠢᠳᠡᠭ ᠱᠠᠩᠨᠠᠯ  ᠢ ᠬᠦᠷᠲᠡᠪᠡ ᠃ ᠭᠤᠷᠪᠠ ᠂ ᠨᠡᠢᠭᠡᠮ ᠦ᠋ᠨ ᠲᠤᠰᠢᠶᠠᠯ ᠳᠤᠮᠳᠠᠳᠤ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤᠨ ᠡᠪᠯᠡᠯ ᠦ᠋ᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠥᠪᠦᠷ ᠮᠣᠩᠭᠤᠯ ᠤ᠋ᠨ ᠳᠣᠲᠤᠭᠠᠳᠤ ᠶ᠋ᠢ ᠬᠠᠮᠠᠭᠠᠯᠠᠬᠤ ᠤᠳᠭ᠎ᠠ ᠤᠷᠠᠯᠢᠭ ᠤ᠋ᠨ ᠬᠢᠨ ᠦ᠌ ᠬᠣᠯᠪᠤᠭᠠᠨ ᠤ᠋ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠥᠪᠦᠷ ᠮᠣᠩᠭᠤᠯ ᠤ᠋ᠨ ᠳᠠᠭᠤᠤ ᠬᠥᠭᠵᠢᠮᠴᠢᠳ  ‍ᠣᠨ ᠨᠡᠢᠭᠡᠮᠯᠢᠭ  ‍ᠣᠨ ᠤᠳᠭ᠎ᠠ ᠵᠣᠬᠢᠶᠠᠯ ᠤᠨ ᠡᠪᠯᠡᠯ ᠦ᠋ᠨ ᠭᠡᠰᠢᠭᠦᠨ ᠂ ᠰᠢᠯᠢ  ᠶᠢᠨ ᠭᠣᠣᠯ ᠠᠢᠮᠠᠭ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠰᠢᠯᠢ  ᠶᠢᠨ ᠭᠣᠣᠯ ᠠᠢᠮᠠᠭ ᠤ᠋ᠨ ᠰᠢᠭᠦᠮᠵᠢᠯᠡᠭᠴᠢᠳ ᠦ᠋ᠨ ᠨᠡᠢᠭᠡᠮᠯᠢᠭ ᠦ᠋ᠨ ᠬᠡᠷᠡᠭ ᠡᠷᠬᠢᠯᠡᠭᠴᠢ ᠂ ᠰᠢᠯᠢ  ᠶᠢᠨ ᠭᠣᠣᠯ ᠠᠢᠮᠠᠭ ᠤ᠋ᠨ ᠣᠷᠴᠢᠭᠤᠯᠤᠭᠴᠢᠳ ᠤ᠋ᠨ ᠨᠡᠢᠭᠡᠮᠯᠢᠭ ᠦ᠋ᠨ ᠭᠡᠰᠢᠭᠦᠨ ᠵᠡᠷᠭᠡ ᠨᠡᠢᠭᠡᠮ ᠦ᠋ᠨ ᠲᠤᠰᠢᠶᠠᠯ ᠢ᠋ ᠡᠭᠦᠷᠭᠡᠯᠡᠵᠦ ᠪᠠᠢᠨ᠎ᠠ ᠃