ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠤᠲᠤᠭᠤᠨᠪᠤᠢᠯᠠᠭᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠤᠲᠤᠭᠤᠨᠪᠤᠢᠯᠠᠭᠠᠨ ᠄ 1981 ᠣᠨ ᠳ᠋ᠤ᠌ ᠣᠷᠳᠤᠰ ᠬᠣᠲᠠ ᠵᠢᠨ ᠣᠲᠤᠭ ᠤ᠋ᠨ ᠡᠮᠦᠨᠡᠲᠦ ᠬᠣᠰᠢᠭᠤᠨ  ᠦ ᠮᠠᠯᠠᠳ ᠰᠤᠮᠤᠨ ᠤ᠋ ᠬᠡᠷᠡᠩᠭᠡᠲᠦ ᠭᠠᠴᠠᠭᠠᠨ ᠳ᠋ᠤ᠌ ᠲᠥᠷᠦᠪᠡ ᠃ ︽ ᠥᠨᠢᠷ ᠴᠡᠴᠡᠭ ︾ ᠂ ︽ ᠰᠢᠯᠢ  ᠶᠢᠨ ᠭᠣᠣᠯ ︾ ᠂ ︽ ᠬᠥᠯᠦᠨ ᠪᠤᠢᠷ ︾ ᠂ ︽ ᠲᠤᠷᠤᠭ ᠰᠠᠷᠠᠨ᠎ᠠ ︾ ᠂ ︽ ᠠᠯᠲᠠᠨ ᠭᠠᠨᠲᠠᠷᠢ ︾ ︽ ᠵᠠᠯᠠᠭᠤᠴᠤᠳ ︾ ᠵᠡᠷᠭᠡ ᠰᠡᠳᠭᠦᠯ ᠳ᠋ᠦ᠍ ᠲᠤᠰᠭᠠᠢ ᠲᠠᠨᠢᠯᠴᠠᠭᠤᠯᠤᠭᠳᠠᠵᠠᠢ ᠃ ︽ ᠣᠳᠣ ᠦᠶ᠎ᠡ  ᠶᠢᠨ ᠮᠣᠩᠭᠤᠯ ᠬᠡᠦᠬᠡᠳ ᠦ᠋ᠨ ᠤᠳᠭ᠎ᠠ ᠵᠣᠬᠢᠶᠠᠯ ᠤ᠋ᠨ ᠳᠡᠭᠡᠵᠢ ᠂ ᠰᠢᠯᠦᠭ ᠦ᠋ᠨ ᠪᠣᠳᠢ ︾ ᠂ ︽ ᠬᠣᠷᠢᠳᠤᠭᠠᠷ ᠵᠠᠭᠤᠨ ᠤ᠋ ᠳᠤᠮᠳᠠᠳᠤ ᠤᠯᠤᠰ ᠤᠨ ᠮᠣᠩᠭᠤᠯ ᠤᠷᠠᠨ ᠵᠣᠬᠢᠶᠠᠯ ᠤ᠋ᠨ ᠰᠡᠳᠭᠦᠯ ᠦ᠋ᠨ ᠳᠡᠭᠡᠵᠢ ᠪᠢᠴᠢᠭ ︾ ᠂ ︽ ᠮᠥᠩᠬᠡ ᠨᠠᠷᠠ ᠲᠠᠢ ᠨᠤᠲᠤᠭ ︾ ᠂ ᠶᠠᠫᠤᠨ ᠤ᠋ ︽ ᠬᠢᠨᠶᠦ᠋ ︾ ᠰᠡᠳᠭᠦᠯ ᠂ ᠮᠣᠩᠭᠤᠯ ᠤᠯᠤᠰ ᠲᠤ ᠬᠡᠪᠯᠡᠭᠳᠡᠭᠰᠡᠨ ︽ ᠥᠪᠦᠷ ᠮᠣᠩᠭᠤᠯ ᠤ᠋ᠨ ᠢᠷᠠᠭᠤ ᠨᠠᠢᠷᠠᠭ ᠤ᠋ᠨ ᠳᠡᠭᠡᠵᠢᠰ ︾ ᠵᠡᠷᠭᠡ ᠰᠡᠳᠭᠦᠯ ᠨᠣᠮ ᠳ᠋ᠤ᠌ 500 ᠭᠠᠷᠤᠢ ᠤᠷᠠᠨ ᠪᠦᠲᠦᠭᠡᠯ  ᠢᠶᠡᠨ ᠨᠡᠢᠲᠡᠯᠡᠵᠡᠢ ᠃ ︽ ᠭᠤᠨᠢᠭᠲᠤ ᠥᠨᠦᠴᠢᠷᠡᠯ ︾ ᠂ ︽ ᠲᠡᠮᠡᠭᠡᠨ ᠪᠦ᠋ᠬᠦ ᠡᠴᠡ ᠨᠠᠷᠠ ᠤᠷᠭᠤᠨ᠎ᠠ ︾ ᠂ ︽ ᠳᠠᠢᠯᠠᠨ ᠳᠠᠭᠠᠭᠤᠯᠤᠭᠴᠢ ︾ ᠂ ︽ ᠮᠠᠨᠴᠤᠢ  ᠶᠢᠨ ᠦᠨᠦᠷ︱ ᠥᠬᠢᠨ ᠮᠡᠯᠮᠡᠢ ᠳ᠋ᠦ᠍ ᠪᠠᠨ ᠪᠢᠴᠢᠭᠰᠡᠨ ᠰᠢᠯᠦᠭ ︾ ᠂ ︽ ᠨᠠᠮᠵᠢᠭᠤᠨ ᠴᠠᠭ ᠬᠤᠭᠤᠴᠠᠭ᠎ᠠ ︾ ᠂ ︽ ᠪᠤᠲᠤᠭᠤᠨᠪᠤᠢᠯᠠᠭᠠᠨ ᠤ᠋ ᠰᠢᠯᠦᠭ ᠦ᠋ᠨ ᠲᠡᠭᠦᠪᠦᠷᠢ ︾ ᠂ ︽ ᠤᠨᠲᠠᠩᠬᠠᠢ ᠨᠠᠷᠠ︱ ᠪᠤᠲᠤᠭᠤᠨᠪᠤᠢᠯᠠᠭᠠᠨ ᠤ᠋ ᠬᠡᠦᠬᠡᠳ ᠦ᠋ᠨ ᠰᠢᠯᠦᠭ ᠦ᠋ᠨ ᠲᠡᠭᠦᠪᠦᠷᠢ ︾ ᠂ ︽ ᠮᠥᠷᠦᠭᠡᠳᠦᠯ ᠢ᠋ᠶ᠋ᠡᠨ ᠳᠠᠭᠠᠭᠤᠯᠤᠭᠠᠳ ︾ ᠂ ︽ ᠪᠤᠷᠬᠠᠨ ᠨᠥᠭᠴᠢᠪᠡ ︾ ᠂ ︽ ᠳᠥᠷᠪᠡᠨ ᠵᠦᠭ ᠦ᠋ᠨ ᠰᠠᠯᠬᠢᠨ ‍ᠳ᠋ᠣ ︾ ᠂ ︽ ᠤᠯᠠᠭᠠᠨ ᠴᠢᠷᠠᠢ ᠲᠠᠢ ᠳᠡᠭᠦᠦ ︱ ᠪᠤᠲᠤᠭᠤᠨᠪᠤᠢᠯᠠᠭᠠᠨ ᠤ᠋ ᠬᠡᠦᠬᠡᠳ ᠦ᠋ᠨ ᠨᠠᠢᠷᠠᠭᠤᠯᠤᠯ ᠤ᠋ᠳ ︾ ᠂ ︽ ᠪᠤᠲᠤᠭᠤᠨᠪᠤᠢᠯᠠᠭᠠᠨ ᠤ᠋ ᠶᠢᠷᠲᠢᠨᠴᠦ ᠪᠤᠶᠤ ᠮᠡᠯᠮᠡᠢ ᠥᠬᠢᠨ ᠦ᠌ ᠳᠠᠰᠭᠠᠯ ᠵᠢᠷᠤᠭ ︾ ᠂ ︽ ᠠᠳᠠᠯᠢᠬᠠᠨ ᠡᠪᠡᠳᠴᠢᠨ ︾ ︵ ᠺᠢᠷᠢᠯ ︶ ᠵᠡᠷᠭᠡ 22 ᠨᠣᠮ ᠪᠢᠴᠢᠭᠰᠡᠨ ᠃ ᠪᠠᠰᠠ ︽ ᠠᠭᠤᠯᠠᠨ ᠤ᠋ ᠬᠡᠦᠬᠡᠳ ︾ ᠵᠡᠷᠭᠡ ᠪᠢᠴᠢᠯ ᠺᠢᠨᠣ᠋ ︽ ᠴᠢᠨᠦ ᠲᠥᠯᠦᠭᠡ ︾ ᠬᠡᠮᠡᠬᠦ ᠳᠠᠭᠤᠤ ᠶ᠋ᠢᠨ ᠤᠷᠠᠨ ᠪᠦᠲᠦᠭᠡᠯ ᠦ᠋ᠨ CD ᠴᠣᠮᠤᠭ ᠲᠠᠢ ᠃ ᠪᠦᠬᠦ ᠤᠯᠤᠰ ᠤᠨ ︽ ᠬᠡᠰᠢᠭᠪᠠᠲᠤ ︾ ᠨᠡᠷᠡᠮᠵᠢᠲᠦ ᠢᠷᠠᠭᠤ ᠨᠠᠢᠷᠠᠭ ᠤ᠋ᠨ ᠵᠣᠬᠢᠶᠠᠨ ᠪᠠᠢᠭᠤᠯᠬᠤ ᠺᠣᠮᠢᠰ ᠠ᠋ᠴᠠ ᠡᠷᠬᠢᠯᠡᠭᠰᠡᠨ ᠠᠩᠬᠠᠳᠤᠭᠠᠷ ᠤᠳᠠᠭᠠᠨ ᠤ᠋ ᠪᠦᠬᠦ ᠤᠯᠤᠰ ᠤᠨ ︽ ᠬᠡᠰᠢᠭᠪᠠᠲᠤ ︾ ᠢᠷᠠᠭᠤ ᠨᠠᠢᠷᠠᠭ ᠤ᠋ᠨ ᠨᠠᠭᠠᠳᠤᠮ ᠳ᠋ᠤ᠌ ︽ ᠢᠯᠠᠭᠤᠭᠰᠠᠨ ᠨᠠᠢᠷᠠᠭᠴᠢ ︾ ᠵᠢᠨ ᠱᠠᠩᠨᠠᠯᠲᠠᠨ ᠃ ᠪᠦᠬᠦ ᠤᠯᠤᠰ ᠤᠨ ︽ ᠪᠦᠪᠡᠢ ᠳᠡᠯᠡᠬᠡᠢ ︾ ᠢᠷᠠᠭᠤ ᠨᠠᠢᠷᠠᠭ ᠤ᠋ᠨ ᠨᠠᠭᠠᠳᠤᠮ ᠤ᠋ᠨ ᠬᠤᠶᠠᠷ ᠤᠳᠠᠭᠠᠨ ᠤ᠋ ᠱᠠᠩᠨᠠᠯᠲᠠᠨ ᠃ ᠬᠥᠯᠦᠨ ᠪᠤᠢᠷ ᠬᠣᠲᠠ ᠶ᠋ᠢᠨ ᠵᠠᠰᠠᠭ ᠤᠨ ᠣᠷᠳᠤᠨ ᠤ᠋ ᠤᠳᠭ᠎ᠠ ᠤᠷᠠᠯᠢᠭ ᠤᠨ ᠵᠣᠬᠢᠶᠠᠨ ᠪᠦᠲᠦᠭᠡᠯᠭᠡ  ᠶᠢᠨ ︽ ᠠᠵᠢᠨᠠᠢ ᠬᠦᠯᠦᠭ ︾ ᠱᠠᠩᠨᠠᠯ  ᠤᠨ ᠭᠤᠷᠪᠠᠨ ᠤᠳᠠᠭᠠᠨ ᠤ᠋ ᠱᠠᠩᠨᠠᠯᠲᠠᠨ ᠃ ᠬᠥᠯᠦᠨ ᠪᠤᠢᠷ ᠰᠡᠳᠭᠦᠯ ᠡᠴᠡ ᠡᠷᠬᠢᠯᠡᠭᠰᠡᠨ ︽ ᠪᠤᠢᠷ ᠬᠥᠯᠦᠨ ︾ ᠨᠡᠷᠡᠮᠵᠢᠲᠦ ᠢᠷᠠᠭᠤ ᠨᠠᠢᠷᠠᠭ ᠤ᠋ᠨ ᠱᠠᠩᠨᠠᠯᠲᠤ ᠤᠷᠤᠯᠳᠤᠭᠠᠨ ᠳ᠋ᠤ᠌ ᠭᠤᠷᠪᠠᠳᠤᠭᠠᠷ ᠲᠡᠰ ᠦ᠋ᠨ ᠱᠠᠩᠨᠠᠯᠲᠠᠨ ᠃ ᠡᠬᠡ ᠤᠯᠤᠰ ᠪᠠᠢᠭᠤᠯᠤᠭᠳᠠᠭᠰᠠᠨ ᠲᠠᠪᠢᠨ ᠵᠢᠯ ᠦ᠋ᠨ ᠤᠢ  ᠶᠢ ᠲᠣᠬᠢᠶᠠᠯᠳᠤᠭᠤᠯᠵᠤ ᠥᠷᠨᠢᠭᠦᠯᠦᠭᠰᠡᠨ ︽ ᠴᠡᠯᠡᠭᠡᠷ ᠲᠠᠯ᠎ᠠ ︾ ᠰᠡᠳᠭᠦᠯ ᠦ᠋ᠨ ᠣᠬᠤᠷ ᠲᠤᠭᠤᠵᠢᠰ ᠤᠨ ᠤᠷᠤᠯᠳᠤᠭᠠᠨ ᠳ᠋ᠤ᠌ ᠭᠤᠷᠪᠠᠳᠤᠭᠠᠷ ᠲᠡᠰ ᠦ᠋ᠨ ᠱᠠᠩᠨᠠᠯᠲᠠᠨ ᠃ ︽ ᠰᠢᠯᠢ  ᠶᠢᠨ ᠭᠣᠣᠯ ︾ ᠰᠡᠳᠭᠦᠯ ᠦ᠋ᠨ ᠵᠠᠭᠤᠳᠤᠭᠠᠷ ᠬᠤᠭᠤᠴᠠᠭ᠎ᠠ ᠂ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ ᠲᠠᠪᠢᠨ ᠵᠢᠯ ᠦ᠋ᠨ ᠤᠢ  ᠶᠢ ᠳᠤᠷᠠᠰᠭᠠᠨ ᠪᠡᠯᠭᠡᠯᠡᠬᠦ ᠳ᠋ᠦ᠍ ᠡᠯᠰᠡᠭᠰᠡᠨ ᠡᠬᠡ ᠪᠢᠴᠢᠭ ᠦ᠋ᠨ ᠰᠢᠯᠭᠠᠷᠠᠭᠤᠯᠤᠯᠲᠠ ᠳ᠋ᠤ᠌ ᠭᠤᠷᠪᠠᠳᠤᠭᠠᠷ ᠲᠡᠰ ᠦ᠋ᠨ ᠱᠠᠩᠨᠠᠯᠲᠠᠨ ᠃ ᠥᠪᠦᠷ ᠮᠣᠩᠭᠤᠯ ᠤ᠋ᠨ ︽ ᠰᠢᠨᠵᠢᠯᠡᠬᠦ ᠤᠬᠠᠭᠠᠨ ᠠᠮᠢᠳᠤᠷᠠᠯ ︾ ᠰᠡᠳᠭᠦᠯ ᠦ᠋ᠨ ︽ ᠠᠯᠲᠠᠨ ᠬᠠᠢᠷᠠᠭᠤᠴᠠᠢ ︾ ᠱᠠᠩᠨᠠᠯᠲᠠᠨ ᠃ ᠪᠤᠲᠤᠭᠤᠨᠪᠤᠢᠯᠠᠭᠠᠨ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ2011 ᠣᠨ ᠤ᠋ ᠤᠳᠭ᠎ᠠ ᠵᠣᠬᠢᠶᠠᠯ ᠰᠤᠳᠤᠯᠬᠤ ᠠᠩᠭᠢ ᠶ᠋ᠢᠨ ᠰᠤᠷᠤᠯᠭᠠᠲᠠᠨ ᠂ ︽ ᠥᠪᠦᠷ ᠮᠣᠩᠭᠤᠯ ‍ᠤᠨ᠋ᠠᠮᠢᠲᠤᠷᠠᠯ ᠭᠠᠷᠠᠭ ᠤᠨ ᠰᠣᠨᠢᠨ ︾ ᠦ ᠣᠨᠴᠠ ᠤᠷᠢᠭᠰᠠᠨ ᠰᠤᠷᠪᠤᠯᠵᠢᠯᠠᠭᠴᠢ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠺᠢᠨᠣ᠋ ᠤᠷᠠᠯᠢᠭᠴᠢᠳ ᠤᠨ ᠡᠪᠯᠡᠯ ᠦ᠋ᠨ ᠭᠡᠰᠢᠭᠦᠨ ᠂ ᠪᠦᠬᠦ ᠣᠷᠤᠨ ᠤ᠋ ᠬᠣᠶᠠᠳᠤᠭᠠᠷ ᠬᠤᠭᠤᠴᠠᠭᠠᠨ ᠤ᠋ ᠮᠣᠩᠭᠤᠯ ᠤᠷᠠᠨ ᠵᠣᠬᠢᠶᠠᠯ ᠤ᠋ᠨ ᠠᠷᠪᠠᠨ ᠰᠢᠨ᠎ᠡ ᠤᠲᠤᠨ ᠤ ᠨᠢᠭᠡᠨ ᠃