ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠭᠠᠰᠢᠭᠤᠨᠭᠤᠳ ᠣᠪᠤᠭᠲᠠᠨ ᠪᠥᠬᠡᠵᠢᠷᠭᠠᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠭᠠᠰᠢᠭᠤᠨᠭᠤᠳ ᠣᠪᠤᠭᠲᠠᠨ ᠪᠥᠬᠡᠵᠢᠷᠭᠠᠯ ᠄ ᠡᠷᠡᠭᠲᠡᠢ ᠂ ᠮᠣᠩᠭᠤᠯ ᠦᠨᠳᠦᠰᠦᠲᠡᠨ ᠂ ᠨᠠᠮ ᠤᠨ ᠭᠡᠰᠢᠭᠦᠨ ᠂ ᠳᠤᠮᠳᠠᠳᠤ ᠰᠤᠷᠭᠠᠭᠤᠯᠢ  ᠶᠢᠨ ᠳᠡᠭᠡᠳᠦ ᠲᠡᠰ ᠦ᠋ᠨ ᠪᠠᠭᠰᠢ ᠂ ᠶᠡᠬᠡ ᠰᠤᠷᠭᠠᠭᠤᠯᠢ  ᠶᠢᠨ ᠲᠤᠰᠭᠠᠢ ᠮᠡᠷᠭᠡᠵᠢᠯ ᠦ᠋ᠨ ᠰᠤᠷᠤᠯᠭ᠎ᠠ  ᠶᠢᠨ ᠨᠠᠮᠲᠠᠷ ᠲᠠᠢ ᠃ 1953 ᠣᠨ ᠤ᠋ 8 ᠰᠠᠷ᠎ᠠ ᠳ᠋ᠤ᠌ ᠳᠠᠯᠠᠢᠨᠠᠭᠤᠷ ᠨᠢᠭᠡᠳᠦᠯ ᠦ᠋ᠨ ᠪᠠᠷᠠᠭᠤᠨ ᠭᠠᠩᠭᠠᠩ ᠭᠠᠴᠠᠭᠠᠨ ᠤ ᠮᠠᠯᠴᠢᠨ ᠲᠦᠮᠡᠨᠪᠠᠶᠠᠷ ︵ ᠹᠦᠰᠦᠢᠸᠸᠷ ︶ ᠂ ᠰᠠᠷᠠᠭᠤᠯ ᠤᠨ ᠬᠣᠶᠠᠳᠤᠭᠠᠷ ᠬᠥᠪᠡᠭᠦᠨ ᠪᠣᠯᠵᠤ ᠵᠠᠶᠠᠭᠠᠪᠠ ᠃ 1963 ᠣᠨ ᠠ᠋ᠴᠠ 1969 ᠣᠨ ᠪᠣᠯᠲᠠᠯ᠎ᠠ ᠪᠠᠷᠠᠭᠤᠨ ᠭᠠᠩᠭᠠᠩ ᠭᠠᠴᠠᠭᠠᠨ ‍ᠣ ᠠᠢᠯ ᠤ᠋ᠨ ᠰᠤᠷᠭᠠᠭᠤᠯᠢ ᠂ ᠳᠠᠯᠠᠢᠨᠠᠭᠤᠷ ᠨᠢᠭᠡᠳᠦᠯ ᠦ᠋ᠨ ᠭᠣᠣᠯ ᠪᠦᠷᠢᠨ ᠪᠠᠭ᠎ᠠ ᠰᠤᠷᠭᠠᠭᠤᠯᠢ ᠳ᠋ᠤ᠌ ᠰᠤᠷᠤᠯᠴᠠᠨ ᠂ 1970 ᠣᠨ ᠠ᠋ᠴᠠ 1972 ᠣᠨ ᠪᠣᠯᠲᠠᠯ᠎ᠠ ᠳᠠᠯᠠᠢᠨᠠᠭᠤᠷ ᠤ᠋ᠨ ︽ 5.7 ︾ ᠳᠤᠮᠳᠠᠳᠤ ᠰᠤᠷᠭᠠᠭᠤᠯᠢ ᠳ᠋ᠤ᠌ ᠰᠤᠷᠤᠯᠴᠠᠨ ᠂ 1972 ᠣᠨ ᠠ᠋ᠴᠠ 1974 ᠣᠨ ᠪᠣᠯᠲᠠᠯ᠎ᠠ ᠳᠠᠯᠠᠢᠨᠠᠭᠤᠷ ᠲᠠᠬᠢ ᠪᠢᠷᠠᠭᠤ  ᠶᠢᠨ ᠬᠣᠶᠠᠳᠤᠭᠠᠷ ᠳᠤᠮᠳᠠᠳᠤ ᠰᠤᠷᠭᠠᠭᠤᠯᠢ ᠳ᠋ᠤ᠌ ᠰᠤᠷᠤᠯᠴᠠᠨ ᠥᠨᠳᠦᠷ ᠳᠤᠮᠳᠠᠳᠤ ᠶ᠋ᠢ ᠲᠡᠭᠦᠰᠭᠡᠪᠡ ᠃ 1974 ᠣᠨ ‍ᠣ ᠨᠠᠮᠤᠷ  ᠠᠴᠠ ᠪᠠᠷᠠᠭᠤᠨ ᠭᠠᠩᠭᠠᠩ ᠭᠠᠴᠠᠭᠠᠨ ᠳ᠋ᠤ᠌ ᠠᠷᠠᠳ ᠤᠨ ᠪᠠᠭᠰᠢ ᠪᠣᠯᠵᠤ ᠂ 1975 ᠣᠨ ᠠ᠋ᠴᠠ 1976 ᠣᠨ ᠪᠣᠯᠲᠠᠯ᠎ᠠ ᠯᠢᠨᠳᠦ᠋ᠩ ᠦ᠋ᠨ ᠪᠠᠭᠰᠢ  ᠶᠢᠨ ᠰᠤᠷᠭᠠᠭᠤᠯᠢ ᠳ᠋ᠤ᠌ ᠰᠤᠷᠤᠯᠴᠠᠵᠤ ᠂ 1977 ᠣᠨ ᠠ᠋ᠴᠠ 1981 ᠣᠨ ᠪᠣᠯᠲᠠᠯ᠎ᠠ ᠵᠤᠤ ᠤᠳᠠ ᠠᠢᠮᠠᠭ ᠤ᠋ᠨ ᠪᠠᠭᠰᠢ  ᠶᠢᠨ ᠲᠤᠰᠭᠠᠢ ᠮᠡᠷᠭᠡᠵᠢᠯ ᠦ᠋ᠨ ᠰᠤᠷᠭᠠᠭᠤᠯᠢ  ᠶᠢᠨ ᠵᠠᠬᠢᠳᠠᠯ ᠢ᠋ᠶ᠋ᠠᠷ ᠰᠤᠷᠤᠯᠴᠠᠬᠤ ᠠᠩᠭᠢ ᠶ᠋ᠢᠨ ᠬᠡᠯᠡᠨ ᠦ᠌ ᠰᠠᠯᠪᠤᠷᠢ ᠠ᠋ᠴᠠ ᠲᠡᠭᠦᠰᠪᠡ ᠃ 1974 ᠣᠨ ‍ᠣ 8 ᠰᠠᠷ᠎ᠠ ᠳ᠋ᠤ᠌ ᠪᠠᠭᠰᠢ  ᠶᠢᠨ ᠠᠵᠢᠯ ᠳ᠋ᠤ᠌ ᠭᠠᠷᠤᠭᠰᠠᠨ ‍ᠣ ᠳᠠᠷᠠᠭ᠎ᠠ ᠂ 1974 ᠣᠨ ᠠ᠋ᠴᠠ 1975 ᠣᠨ ᠪᠣᠯᠲᠠᠯ᠎ᠠ ᠪᠠᠷᠠᠭᠤᠨ ᠭᠠᠩᠭᠠᠩ ᠭᠠᠴᠠᠭᠠᠨ ‍ᠣ ᠪᠠᠭ᠎ᠠ ᠰᠤᠷᠭᠠᠭᠤᠯᠢ ᠳ᠋ᠤ᠌ ᠂ 1976 ᠣᠨ ᠠ᠋ᠴᠠ 1977 ᠣᠨ ᠪᠣᠯᠲᠠᠯ᠎ᠠ ᠵᠡᠭᠦᠨ ᠭᠠᠩᠭᠠᠩ ᠳ᠋ᠠᠬᠢ ᠬᠣᠯᠪᠤᠭᠠᠲᠤ ᠳᠤᠮᠳᠠᠳᠤ ᠰᠤᠷᠭᠠᠭᠤᠯᠢ ᠳ᠋ᠤ᠌ ᠂ 1977 ᠣᠨ ᠠ᠋ᠴᠠ 1978 ᠣᠨ ‍ᠣ ᠪᠣᠯᠲᠠᠯ᠎ᠠ ᠳᠠᠯᠠᠢᠨᠠᠭᠤᠷ ᠲᠠᠬᠢ ᠬᠡᠰᠢᠭᠲᠡᠨ ᠬᠣᠰᠢᠭᠤᠨ ᠤ᠋ ᠬᠣᠶᠠᠳᠤᠭᠠᠷ ᠳᠤᠮᠳᠠᠳᠤ ᠰᠤᠷᠭᠠᠭᠤᠯᠢ ᠳ᠋ᠤ᠌ ︵ ᠣᠳᠣ ᠶ᠋ᠢᠨ ᠪᠢᠷᠠᠭᠤ ᠮᠣᠩᠭᠤᠯ ᠳᠤᠮᠳᠠᠳᠤ ᠰᠤᠷᠭᠠᠭᠤᠯᠢ ︶ ᠂ 1978 ᠣᠨ ᠠ᠋ᠴᠠ 1981 ᠣᠨ ‍ᠣ 8 ᠰᠠᠷ᠎ᠠ ᠪᠣᠯᠲᠠᠯ᠎ᠠ ᠳᠠᠯᠠᠢᠨᠠᠭᠤᠷ ᠤ᠋ᠨ ᠳᠤᠮᠳᠠᠳᠤ ᠰᠤᠷᠭᠠᠭᠤᠯᠢ ᠳ᠋ᠤ᠌ ᠂ 1981 ᠣᠨ ᠠ᠋ᠴᠠ 1986 ᠣᠨ ‍ᠣ 8 ᠰᠠᠷ᠎ᠠ ᠪᠣᠯᠲᠠᠯ᠎ᠠ ᠪᠠᠶᠠᠨᠮᠡᠨᠳᠦ ᠰᠤᠷᠭᠠᠭᠤᠯᠢ ᠳ᠋ᠤ᠌ ᠪᠠᠭᠰᠢᠯᠠᠵᠤ ᠂ 1986 ᠣᠨ ‍ᠣ 8 ᠰᠠᠷ᠎ᠠ  ᠠᠴᠠ 1996 ᠣᠨ ‍ᠣ 3 ᠰᠠᠷ᠎ᠠ ᠪᠣᠯᠲᠠᠯ᠎ᠠ ᠳᠠᠷᠬᠠᠨ ᠠᠭᠤᠯᠠ ᠶᠡᠷᠦᠩᠬᠡᠢ ᠰᠤᠷᠭᠠᠭᠤᠯᠢ  ᠶᠢᠨ ᠵᠠᠬᠢᠷᠤᠯ  ᠢᠶᠠᠷ ᠠᠵᠢᠯᠯᠠᠵᠤ ᠂ 1996 ᠣᠨ ‍ᠣ 3 ᠰᠠᠷ᠎ᠠ  ᠠᠴᠠ 2000 ᠣᠨ ‍ᠣ 9 ᠰᠠᠷ᠎ᠠ ᠪᠣᠯᠲᠠᠯ᠎ᠠ ᠬᠡᠰᠢᠭᠲᠡᠨ ᠬᠣᠰᠢᠭᠤᠨ ᠤ᠋ ᠰᠤᠷᠭᠠᠨ ᠬᠥᠮᠦᠵᠢᠯ ᠦ᠋ᠨ ᠲᠣᠪᠴᠢᠶ᠎ᠠ ᠶ᠋ᠢᠨ ᠠᠵᠢᠯᠲᠠᠨ ᠶᠠᠪᠤᠳᠠᠯ ᠤᠨ ᠰᠠᠯᠠᠭᠠᠨ ᠳᠠᠷᠤᠭ᠎ᠠ ᠪᠠᠷ ᠂ 2000 ᠣᠨ ‍ᠣ 9 ᠰᠠᠷ᠎ᠠ  ᠠᠴᠠ 2002 ᠣᠨ ‍ᠣ 5 ᠰᠠᠷ᠎ᠠ ᠪᠣᠯᠲᠠᠯ᠎ᠠ ᠬᠡᠰᠢᠭᠲᠡᠨ ᠬᠣᠰᠢᠭᠤᠨ ‍ᠣ ᠪᠠᠭᠰᠢ  ᠶᠢᠨ ᠳᠠᠪᠲᠠᠨ ᠪᠣᠯᠪᠠᠰᠤᠷᠠᠭᠤᠯᠬᠤ ᠰᠤᠷᠭᠠᠭᠤᠯᠢ  ᠶᠢᠨ ᠳᠡᠳ᠋ ᠵᠠᠬᠢᠷᠤᠯ  ᠢᠶᠠᠷ ᠂ 2002 ᠣᠨ ‍ᠣ 5 ᠰᠠᠷ᠎ᠠ  ᠠᠴᠠ 2006 ᠣᠨ ‍ᠣ 5 ᠰᠠᠷ᠎ᠠ ᠪᠣᠯᠲᠠᠯ᠎ᠠ ᠪᠢᠷᠠᠭᠤ ᠮᠣᠩᠭᠤᠯ ᠳᠤᠮᠳᠠᠳᠤ ᠰᠤᠷᠭᠠᠭᠤᠯᠢ  ᠶᠢᠨ ᠨᠠᠮ ᠤᠨ ᠡᠭᠦᠷ ᠦ᠋ᠨ ᠱᠦᠵᠢ ᠪᠡᠷ ᠠᠵᠢᠯᠯᠠᠵᠤ ᠂ 2006 ᠣᠨ ‍ᠣ 6 ᠰᠠᠷ᠎ᠠ ᠳ᠋ᠤ᠌ ᠲᠤᠰᠢᠶᠠᠯ  ᠢᠶᠠᠨ ᠰᠤᠯᠠᠯᠠᠨ ᠬᠣᠶᠠᠳᠤᠭᠠᠷ ᠤᠲᠠᠰᠤᠨ ᠳ᠋ᠤ᠌ ᠰᠢᠯᠵᠢᠨ 2013 ᠣᠨ ᠳ᠋ᠤ᠌ ᠠᠵᠢᠯ ᠤᠨ ᠠᠮᠠᠷᠠᠯᠲᠠ ‍ᠪᠠᠨ ᠠᠪᠤᠪᠠ ᠃ ᠳᠥᠴᠢ ᠰᠢᠬᠠᠭᠤ ᠵᠢᠯ ᠦ᠋ᠨ ᠲᠤᠷᠰᠢ ᠰᠤᠷᠭᠠᠨ ᠬᠥᠮᠦᠵᠢᠯ ᠦ᠋ᠨ ᠹᠷᠣᠨᠲ᠋ ᠳᠡᠭᠡᠷ᠎ᠡ ᠭᠠᠷᠮᠠᠭᠠᠢᠯᠠᠨ ᠲᠡᠮᠡᠴᠡᠭᠰᠡᠨ ᠡᠴᠡ ᠬᠣᠰᠢᠭᠤ ᠲᠡᠰ ᠦ᠋ᠨ ᠵᠢᠱ᠌ᠢᠶᠡᠴᠢ ᠪᠠᠭᠰᠢ ᠠᠵᠢᠯᠲᠠᠨ ᠢ᠋ᠶ᠋ᠠᠷ 5 ᠤᠳᠠᠭ᠎ᠠ ᠂ ᠬᠤᠳᠠ ᠶᠢᠨ ᠲᠡᠰ ᠦ᠋ᠨ ᠵᠢᠱ᠌ᠢᠶᠡᠴᠢ ᠪᠠᠭᠰᠢ ᠠᠵᠢᠯᠲᠠᠨ ᠢ᠋ᠶ᠋ᠠᠷ 2 ᠤᠳᠠᠭ᠎ᠠ ᠰᠣᠩᠭᠤᠭᠳᠠᠨ ᠠᠷᠠᠳ ᠤᠨ ᠵᠠᠰᠠᠭ ᠤᠨ ᠣᠷᠳᠤᠨ ‍ᠣ ᠱᠠᠩᠨᠠᠯ ᠬᠥᠬᠢᠭᠦᠯᠦᠯ ᠢ᠋ ᠬᠦᠷᠲᠡᠪᠡ ᠃ 1993 ᠣᠨ ᠳ᠋ᠤ᠌ ᠪᠦᠬᠦ ᠬᠤᠳᠠ  ᠶᠢᠨ ᠦᠨᠳᠦᠰᠦᠲᠡᠨ ‍ᠣ ᠰᠤᠷᠭᠠᠭᠤᠯᠢ  ᠶᠢᠨ ᠠᠷᠪᠠᠨ ᠭᠠᠷᠮᠠᠭᠠᠢ ᠵᠠᠬᠢᠷᠤᠯ  ᠢᠶᠠᠷ ᠴᠣᠯᠠᠯᠠᠭᠳᠠᠪᠠ ᠃ ᠪᠢᠷᠠᠭᠤ ᠮᠣᠩᠭᠤᠯ ᠳᠤᠮᠳᠠᠳᠤ ᠰᠤᠷᠭᠠᠭᠤᠯᠢ ᠳ᠋ᠤ᠌ ᠠᠵᠢᠯᠯᠠᠵᠤ ᠪᠠᠢᠬᠤ ᠬᠤᠭᠤᠴᠠᠭᠠᠨ ᠳ᠋ᠠᠭᠠᠨ ᠪᠦᠬᠦ ᠤᠯᠤᠰ ᠤᠨ ︽ 10.5 ︾ ᠵᠢᠨ ᠬᠤᠭᠤᠴᠠᠭᠠᠨ ‍ᠣ ᠰᠤᠷᠭᠠᠭᠤᠯᠢ  ᠶᠢᠨ ᠮᠤᠷᠠᠯ ᠤᠨ ᠬᠥᠮᠦᠵᠢᠯ ᠦ᠋ᠨ ᠰᠤᠳᠤᠯᠭᠠᠨ ᠤ᠋ ‍ᠣ ᠰᠡᠳᠦᠪ ᠳᠠᠭᠠᠭᠠᠨ ᠡᠷᠬᠢᠯᠡᠵᠦ ᠭᠤᠷᠪᠠᠨ ᠵᠢᠯ ᠦ᠋ᠨ ᠬᠤᠭᠤᠴᠠᠭᠠᠨ ᠳ᠋ᠤ᠌ ᠳᠤᠮᠳᠠᠳᠤ ᠰᠤᠷᠭᠠᠭᠤᠯᠢ  ᠶᠢᠨ ᠨᠢᠭᠡ ᠡᠴᠡ ᠭᠤᠷᠪᠠᠳᠤᠭᠠᠷ ᠣᠨ ᠳ᠋ᠤ᠌ ᠬᠡᠷᠡᠭᠯᠡᠬᠦ ︽ ᠮᠤᠷᠠᠯ ᠤᠨ ᠬᠥᠮᠦᠵᠢᠯ ︾ ᠭᠡᠬᠦ 3 ᠳᠡᠪᠲᠡᠷ ᠵᠢᠭᠠᠬᠤ ᠪᠢᠴᠢᠭ ᠢ᠋ ᠣᠷᠴᠢᠭᠤᠯᠤᠨ ᠨᠠᠢᠷᠠᠭᠤᠯᠵᠤ ᠠᠰᠢᠭᠯᠠᠯᠲᠠ ᠳ᠋ᠤ᠌ ᠣᠷᠤᠭᠤᠯᠵᠤ ᠰᠤᠳᠤᠯᠭᠠᠨ ᠢ᠋ᠶ᠋ᠠᠨ ᠠᠮᠵᠢᠯᠲᠠ ᠲᠠᠢ ᠲᠡᠭᠦᠰᠭᠡᠭᠰᠡᠨ ᠢ᠋ᠶ᠋ᠡᠷ 2005 ᠣᠨ ‍ᠣ 10 ᠰᠠᠷ᠎ᠠ ᠳ᠋ᠤ᠌ ︽ ᠪᠦᠬᠦ ᠤᠯᠤᠰ ᠤᠨ ᠲᠡᠷᠢᠭᠦᠨ ‍ᠣ ᠮᠤᠷᠠᠯ ᠤᠨ ᠬᠥᠮᠦᠵᠢᠯ ᠦ᠋ᠨ ᠰᠤᠳᠤᠯᠭᠠᠨ ‍ᠣ ᠠᠵᠢᠯᠲᠠᠨ ︾  ᠢᠶᠠᠷ ᠰᠣᠩᠭᠤᠭᠳᠠᠨ ᠲᠥᠪ ᠦ᠋ᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ‍ᠣ ᠰᠤᠳᠤᠯᠭᠠᠨ ‍ᠣ ᠭᠠᠵᠠᠷ ᠂ ᠲᠥᠪ ᠦ᠋ᠨ ᠰᠤᠷᠭᠠᠨ ᠬᠥᠮᠦᠵᠢᠯ ᠦ᠋ᠨ ᠰᠤᠳᠤᠯᠭᠠᠨ ‍ᠣ ᠭᠠᠵᠠᠷ ᠤᠨ ᠮᠤᠷᠠᠯ ᠤᠨ ᠬᠥᠮᠦᠵᠢᠯ ᠦ᠋ᠨ ᠰᠤᠳᠤᠯᠭᠠᠨ ‍ᠣ ᠲᠥᠪ ᠦ᠋ᠨ ᠬᠥᠬᠢᠭᠦᠯᠦᠯ ᠢ᠋ ᠬᠦᠷᠲᠡᠪᠡ ᠃ ᠰᠤᠷᠭᠠᠭᠤᠯᠢ  ᠶᠢᠨ  ᠢᠶᠠᠨ ᠬᠣᠢᠴᠢ ᠦᠶ᠎ᠡ  ᠶᠢ ᠬᠠᠯᠠᠮᠵᠢᠯᠠᠬᠤ ᠠᠵᠢᠯ  ᠢ ᠡᠷᠴᠢᠮᠲᠡᠢ ᠠᠳᠭᠤᠭᠰᠠᠨ ᠢ᠋ᠶ᠋ᠠᠷ 2010 ᠣᠨ ᠳ᠋ᠤ᠌ ᠤᠯᠠᠭᠠᠨᠬᠠᠳᠠ ᠬᠤᠳᠠ  ᠶᠢᠨ ᠂ 2011 ᠣᠨ ᠳ᠋ᠤ᠌ ᠣᠷᠤᠨ ‍ᠣ ︽ ᠬᠣᠢᠴᠢ ᠦᠶ᠎ᠡ  ᠶᠢ ᠬᠠᠯᠠᠮᠵᠢᠯᠠᠬᠤ ᠠᠵᠢᠯ ᠤᠨ ᠲᠡᠷᠢᠭᠦᠨ ‍ᠣ ᠠᠵᠢᠯᠲᠠᠨ ︾  ᠢᠶᠠᠷ ᠲᠤᠰ ᠲᠤᠰ ᠬᠥᠬᠢᠭᠦᠯᠦᠭᠳᠡᠪᠡ ᠃ 2006 ᠣᠨ ‍ᠣ 6 ᠰᠠᠷ᠎ᠠ ᠳ᠋ᠤ᠌ ᠲᠤᠰᠢᠶᠠᠯ  ᠢᠶᠠᠨ ᠰᠤᠯᠠᠯᠠᠨ ᠬᠣᠶᠠᠳᠤᠭᠠᠷ ᠤᠲᠠᠰᠤᠨ ᠳ᠋ᠤ᠌ ᠰᠢᠯᠵᠢᠭᠰᠡᠨ ‍ᠣ ᠬᠣᠷᠢᠨ ᠭᠡᠷ ᠪᠦᠯᠢ  ᠶᠢᠨ ᠰᠤᠷᠭᠠᠨ ᠬᠥᠮᠦᠵᠢᠯ ᠦ᠋ᠨ ᠲᠤᠬᠠᠢ ᠰᠤᠳᠤᠯᠭᠠᠨ ᠬᠢᠵᠦ ᠂ ᠡᠳᠦᠢ ᠲᠡᠳᠦᠢ ᠰᠤᠳᠤᠯᠭᠠᠨ ‍ᠣ ᠪᠦᠲᠦᠭᠡᠯ ᠢ᠋ᠶ᠋ᠡᠨ ᠰᠣᠨᠢᠨ ᠰᠡᠳᠭᠦᠯ ᠳ᠋ᠦ᠍ ᠨᠡᠢᠲᠡᠯᠡᠭᠦᠯᠦᠨ ᠂ 2012 ᠣᠨ ᠳ᠋ᠤ᠌ ︽ ᠭᠡᠷ ᠪᠦᠯᠢ  ᠶᠢᠨ ᠬᠥᠮᠦᠵᠢᠯ ᠦ᠋ᠨ ᠤᠩᠰᠢᠭᠤ ︾ ᠨᠣᠮ ᠢ᠋ᠶ᠋ᠠᠨ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠦᠨ ᠂ ᠥᠪᠦᠷ ᠮᠣᠩᠭᠤᠯ ᠣᠷᠤᠨ ᠢ᠋ᠶ᠋ᠠᠷ ᠭᠡᠷ ᠦ᠋ᠨ ᠬᠥᠮᠦᠵᠢᠯ ᠦ᠋ᠨ ᠲᠤᠬᠠᠢ ᠮᠣᠩᠭᠤᠯ ᠨᠣᠮ ᠴᠤᠬᠠᠭ ᠠᠰᠠᠭᠤᠳᠠᠯ  ᠢ ᠨᠥᠬᠦᠪᠦᠷᠢᠯᠡᠭᠰᠡᠨ ᠪᠠᠢᠨ᠎ᠠ ᠃ ᠨᠠᠶᠠᠭᠠᠳ ᠣᠨ ᠤ᠋ ᠡᠬᠢᠨ ᠳ᠋ᠦ᠍ ᠤᠤᠭᠠᠨ ᠰᠢᠯᠦᠭ ︽ ᠴᠡᠴᠡᠷᠯᠢᠭᠴᠢ  ᠶᠢᠨ ᠪᠠᠶᠠᠰᠤᠯ ︾  ᠢᠶᠠᠨ ᠰᠡᠳᠭᠦᠯ ᠳ᠋ᠦ᠍ ᠨᠡᠢᠲᠡᠯᠡᠭᠦᠯᠦᠭᠰᠡᠨ ᠡᠴᠡ ᠳᠠᠷᠠᠭ᠎ᠠ ᠴᠢᠯᠦᠭᠡ ᠵᠠᠪ  ᠢᠶᠠᠨ ᠠᠰᠢᠭᠯᠠᠨ ᠰᠢᠯᠦᠭ ᠨᠠᠢᠷᠠᠭᠤᠯᠤᠯ ᠤᠷᠤᠯᠳᠤᠵᠤ ᠂ ᠵᠣᠬᠢᠶᠠᠯ ᠪᠦᠲᠦᠭᠡᠯ ᠢ᠋ᠶ᠋ᠡᠨ ︽ ᠥᠨᠢᠷ ᠴᠡᠴᠡᠭ ︾ ᠂ ︽ ᠳᠤᠮᠳᠠᠳᠤ ᠶ᠋ᠢᠨ ᠦᠨᠳᠦᠰᠦᠲᠡᠨ ︾ ᠂ ︽ ᠬᠤᠨ ᠭᠠᠯᠠᠭᠤ ︾ ᠂ ︽ ᠰᠢᠷ᠎ᠠ ᠮᠥᠷᠡᠨ ︾ ᠂ ᠂ ᠂ ᠂ ᠵᠡᠷᠭᠡ ᠰᠣᠨᠢᠨ ᠰᠡᠳᠭᠦᠯ ᠳ᠋ᠦ᠍ ᠲᠠᠰᠤᠷᠠᠯᠲᠠ ᠦᠭᠡᠢ ᠨᠡᠢᠲᠡᠯᠡᠭᠦᠯᠵᠦ ᠂ 2008 ᠣᠨ ᠤ᠋ 10 ᠰᠠᠷ᠎ᠠ ᠳ᠋ᠤ᠌ ︽ ᠬᠤᠩᠭᠢᠷᠠᠳ ᠂ ᠬᠡᠰᠢᠭᠲᠡᠨ ᠂ ᠪᠠᠶᠠᠨᠵᠢᠷᠦᠬᠡ  ᠶᠢᠨ ᠭᠠᠴᠤᠷ᠎ᠠ ︾ ᠭᠡᠬᠦ ᠰᠢᠯᠦᠭ ᠦ᠋ᠨ ᠲᠡᠭᠦᠪᠦᠷᠢ ᠪᠡᠨ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠦᠨ ᠂ 2018 ᠣᠨ ‍ᠣ 6 ᠰᠠᠷ᠎ᠠ ᠳ᠋ᠤ᠌ ︽ ᠰᠣᠨᠤᠷ ᠲᠤ᠌ ᠲᠠᠰᠤᠯᠭᠠᠨ ᠬᠣᠩᠬᠤᠨ ᠲᠠᠭᠤᠨ ︾ ᠨᠣᠮ ︵ ᠬᠡᠰᠢᠭᠲᠡᠨ ᠬᠣᠰᠢᠭᠤᠨ ᠤ᠋ ᠪᠢᠷᠠᠭᠤ ᠮᠣᠩᠭᠤᠯ ᠦᠨᠳᠦᠰᠦᠲᠡᠨ ᠦ ᠳᠤᠮᠳᠠᠳᠤ ᠰᠤᠷᠭᠠᠭᠤᠯᠢ ᠶᠢᠨ ᠵᠢᠷᠠᠨ ᠵᠢᠯ ᠦᠨ ᠣᠢ ᠳ᠋ᠤ᠌ ᠵᠣᠷᠢᠭᠤᠯᠤᠭᠰᠠᠨ 266 ᠨᠢᠭᠤᠷ ᠪᠦᠬᠦᠢ ᠳᠤᠷᠠᠰᠤᠮᠵᠢ ᠶᠢᠨ ᠨᠣᠮ ︶ ᠂ ︽ ᠬᠡᠰᠢᠭᠲᠡᠨ ᠬᠣᠰᠢᠭᠤᠨ ᠤ ᠪᠢᠷᠠᠭᠤ ᠮᠣᠩᠭᠤᠯ ᠦᠨᠳᠦᠰᠦᠲᠡᠨ ᠦ ᠳᠤᠮᠳᠠᠳᠤ ᠰᠤᠷᠭᠠᠭᠤᠯᠢ ᠶᠢᠨ ᠵᠢᠷᠠᠨ ᠵᠢᠯ ︾ ᠨᠣᠮ ︵ ᠣᠢᠯᠠᠯᠭ᠎ᠠ ︶ ᠶᠢ ᠨᠠᠢᠷᠠᠭᠤᠯᠤᠨ ᠬᠡᠪᠯᠡᠭᠦᠯᠪᠡ ᠃ 2013 ᠣᠨ ᠳ᠋ᠤ᠌ ︽ ᠳᠡᠯᠡᠬᠡᠢ ᠡᠵᠢ ‍ᠪᠡᠨ ᠬᠠᠢᠷᠠᠯᠠᠶ᠎ᠠ ︾ ᠭᠡᠬᠦ ᠰᠢᠯᠦᠭ ᠨᠢ ᠤᠯᠠᠭᠠᠨᠬᠠᠳᠠ ᠬᠤᠳᠠ ᠶᠢᠨ ︽ ᠠᠮᠢ ᠠᠬᠤᠢ ᠬᠤᠨᠳᠠᠭᠠᠲᠤ ︾ ᠤᠷᠠᠨ ᠵᠣᠬᠢᠶᠠᠯ ᠤ᠋ᠨ ᠤᠷᠤᠯᠳᠤᠭᠠᠨ ᠳ᠋ᠤ᠌ ᠭᠤᠷᠪᠠᠳᠤᠭᠠᠷ ᠳᠡᠰ ᠦ᠋ᠨ ᠱᠠᠩᠨᠠᠯ ᠬᠦᠷᠲᠡᠪᠡ ᠃ ᠲᠤᠰ ᠬᠥᠮᠦᠨ ᠣᠳᠣ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠤᠯᠠᠭᠠᠨᠬᠠᠳᠠ ᠬᠣᠲᠠ ᠶ᠋ᠢᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠬᠡᠰᠢᠭᠲᠡᠨ ᠬᠣᠰᠢᠭᠤᠨ ᠤ᠋ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠬᠡᠰᠢᠭᠲᠡᠨ ᠬᠣᠰᠢᠭᠤᠨ ᠤ᠋ ︽ ᠷᠣᠯᠭᠠᠷᠵᠠᠪ ︾ ᠠᠷᠠᠳ ᠤᠨ ᠰᠣᠶᠤᠯ ᠤᠷᠠᠯᠢᠭ ᠤᠨ ᠨᠡᠢᠭᠡᠮᠯᠢᠭ ᠦ᠋ᠨ ᠭᠡᠰᠢᠭᠦᠨ ᠂ ᠬᠡᠰᠢᠭᠲᠡᠨ ᠬᠣᠰᠢᠭᠤᠨ ‍ᠣ ᠡᠬᠡ ᠬᠡᠯᠡ ᠪᠡᠨ ᠬᠠᠯᠠᠮᠵᠢᠯᠠᠬᠤ ᠠᠵᠢᠯ ᠤᠨ ᠨᠡᠢᠭᠡᠮᠯᠢᠭ ᠢ᠋ ᠡᠭᠦᠰᠭᠡᠨ ᠪᠠᠢᠭᠤᠯᠤᠭᠴᠢ ᠂ ᠨᠡᠢᠭᠡᠮᠯᠢᠭ ᠦ᠋ᠨ ᠲᠡᠷᠢᠭᠦᠯᠡᠭᠴᠢ ᠂ ᠨᠡᠢᠭᠡᠮᠯᠢᠭ ᠦ᠋ᠨ ᠢ᠋ᠶ᠋ᠡᠨ ︽ ᠡᠬᠡ ᠬᠡᠯᠡ ︾ ᠰᠡᠳᠭᠦᠯ ᠦ᠋ᠨ ᠶᠡᠷᠦᠩᠬᠡᠢ ᠨᠠᠢᠷᠠᠭᠤᠯᠤᠭᠴᠢ ᠪᠠᠷ ᠠᠵᠢᠯᠯᠠᠵᠤ ᠪᠠᠢᠨ᠎ᠠ ᠃ ᠬᠠᠷᠢᠯᠴᠠᠬᠤ ᠤᠲᠠᠰᠤ ᠄ 13948161536