ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠤᠶᠠᠨᠪᠠᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠥᠭᠭᠦᠭᠳᠡᠭᠰᠡᠨ ᠨᠡᠷ᠎ᠡ ᠄ ᠪᠤᠶᠠᠨᠪᠠᠲᠤ ᠃ ᠪᠢᠴᠢᠭ ᠦ᠋ᠨ ᠨᠡᠷ᠎ᠡ ᠄ ᠨᠠ‍ ᠂ ᠰᠤᠯᠢ ᠃ ᠲᠡᠷᠡ ᠪᠡᠷ ᠬᠣᠷᠢᠳᠤᠭᠠᠷ ᠵᠠᠭᠤᠨ  ᠤ ᠵᠢᠷᠠᠭᠠᠳ ᠣᠨ ᠤ᠋ ᠳᠤᠮᠳᠠᠴᠢ ᠪᠠᠷ ᠠᠯᠠᠱᠠ ᠪᠠᠷᠠᠭᠤᠨ ᠬᠣᠰᠢᠭᠤᠨ ᠤ᠋ ᠲᠠᠮᠰᠤᠭᠪᠤᠯᠠᠭ ᠰᠤᠮᠤᠨ ᠤ᠋ ᠦᠦᠷ ᠦ᠋ᠨ ᠲᠤᠶᠠᠭ᠎ᠠ ᠭᠠᠴᠠᠭᠠᠨ ᠤ᠋ ᠨᠠᠷᠠᠨ ᠭᠡᠳᠡᠭ ᠮᠠᠯᠴᠢᠨ ᠤ᠋ ᠭᠡᠷ ᠪᠦᠯᠢ ‍ᠳ᠋ᠥ ᠲᠥᠷᠦᠭᠰᠡᠨ ᠪᠦᠯᠦᠭᠡ ᠃ ᠰᠤᠷᠭᠠᠭᠤᠯᠢ ᠰᠣᠶᠤᠯ ᠤ᠋ᠨ ᠮᠥᠷ ᠢ᠋ ᠠᠯᠳᠠᠯ ᠦᠭᠡᠢ ᠬᠥᠭᠡᠭᠡᠵᠦ ᠂ 1987 ᠣᠨ ᠳ᠋ᠤ᠌ ᠶᠡᠬᠡ ᠰᠤᠷᠭᠠᠭᠤᠯᠢ ᠪᠠᠨ ᠤᠯᠤᠰ ᠲᠥᠷᠦ ᠂ ᠲᠡᠦᠬᠡ  ᠶᠢᠨ ᠮᠡᠷᠭᠡᠵᠢᠯ  ᠢᠶᠡᠷ ᠲᠡᠭᠦᠰᠭᠡᠵᠦ ᠂ ᠠᠷᠠᠳ ᠤᠨ ᠪᠠᠭᠰᠢ  ᠶᠢᠨ ᠠᠯᠪᠠ ᠬᠠᠭᠠᠵᠤ ᠠᠵᠢᠯ ᠤᠨ ᠭᠠᠷᠤᠭ᠎ᠠ ᠪᠠᠨ ᠡᠬᠢᠯᠡᠭᠦᠯᠦᠭᠰᠡᠨ ᠪᠢᠯᠡ ᠃ ᠣᠳᠣ ᠠᠯᠠᠱᠠ ᠠᠢᠮᠠᠭ ᠤ᠋ᠨ ᠮᠣᠩᠭᠤᠯ ᠦᠨᠳᠦᠰᠦᠲᠡᠨ ‍ᠣ ᠪᠦᠷᠢᠨ ᠳᠤᠮᠳᠠᠳᠤ ᠰᠤᠷᠭᠠᠭᠤᠯᠢ ‍ᠳ᠋ᠥ ᠪᠠᠭᠰᠢᠯᠠᠵᠤ ᠂ ᠳᠤᠮᠳᠠᠳᠤ ᠰᠤᠷᠭᠠᠭᠤᠯᠢ ᠶ᠋ᠢᠨ ᠲᠡᠦᠬᠡ ᠶ᠋ᠢᠨ ᠥᠨᠳᠦᠷ ᠲᠡᠰ ᠦ᠋ᠨ ᠪᠠᠭᠰᠢ  ᠶᠢᠨ ᠮᠢᠨᠳᠠᠭ ᠲᠠᠢ ᠶᠠᠪᠤᠭ᠎ᠠ ᠃ ᠠᠢᠮᠠᠭ ᠤ᠋ᠨ ᠵᠢᠭᠠᠠ ᠰᠤᠷᠭᠠᠬᠤ ᠴᠢᠳᠠᠪᠤᠷᠢᠲᠠᠨ ᠴᠣᠯᠠ ᠲᠠᠢ ᠃ ᠲᠡᠭᠦᠨ ᠦ᠌ ᠠᠵᠢᠯ ᠤᠨ ᠴᠢᠯᠥᠭᠡᠨ ᠦ᠌ ᠳᠤᠷ᠎ᠠ ᠰᠣᠨᠢᠷᠬᠠᠯ ᠪᠣᠯ ᠤᠷᠠᠨ ᠵᠣᠬᠢᠶᠠᠯ ᠪᠢᠴᠢᠬᠦ ᠶᠠᠪᠤᠳᠠᠯ ᠶᠤᠮᠰᠠᠨ ᠃ ᠬᠣᠩᠬᠤᠨ ᠳᠠᠭᠤᠨ ᠤ᠋ ᠵᠠᠪᠰᠠᠷ  ᠢᠶᠠᠷ ᠤᠷᠠᠨ ᠵᠣᠬᠢᠶᠠᠯ ᠢ᠋ᠶ᠋ᠠᠨ ᠣᠢᠭ᠎ᠠ ᠦᠭᠡᠢ ᠣᠷᠣᠯᠳᠤᠭᠰᠠᠭᠠᠷ ᠪᠠᠢᠭᠠᠳ ᠥᠨᠥ ᠪᠣᠯᠬᠤ ‍ᠳ᠋ᠥ ᠨᠢᠭᠡᠨᠲᠡ ︽ ᠭᠠᠵᠠᠷ ᠤᠨ ᠲᠠᠮᠠᠭ᠎ᠠ ︾ ︵2004 ︶ ᠂ ︽ ᠲᠡᠭᠷᠢ  ᠶᠢᠨ ᠲᠠᠮᠠᠭ᠎ᠠ ︾ ︵2011) ᠂ ︽ ᠬᠥᠮᠦᠨ ‍ᠣ ᠲᠠᠮᠠᠭ᠎ᠠ ︾ ︵2014) ︽ ᠪᠣᠲᠤᠭᠤᠨ ‍ᠣ ᠠᠨᠢᠷ ᠢ᠋ᠶ᠋ᠠᠷ ᠰᠤᠯᠢ ᠤᠷᠭᠤᠨ᠎ᠠ ︾ ︵2018 ︶ ᠵᠡᠷᠭᠡ ᠨᠠᠢᠷᠠᠭᠤᠯᠤᠯ ᠤ᠋ᠨ ᠨᠣᠮ ᠂ ︽ ᠳᠣᠯᠤᠭᠠᠨ ᠪᠤᠷᠬᠠᠨ ᠤ᠋ ᠠᠶᠠᠯᠭᠤ ︾ ︵2005 ︶ ᠂ ︽ ᠶᠢᠰᠦᠨ ᠡᠷᠳᠡᠨᠢ  ᠶᠢᠨ ᠠᠶᠠᠯᠭᠤ ︾ ︽ ‍ᠳ᠋ᠸᠪᠠᠵᠠᠨ ‍ᠣ ᠰᠢᠪᠠᠭᠤ ︾ ︵2015) ᠂ ︽ ᠲᠡᠭᠷᠢ ᠡᠴᠡ ᠭᠠᠭᠴᠠᠬᠠᠨ ᠳᠡᠭᠦᠦ ᠰᠢᠯᠦᠭ ᠦ᠋ᠳ ︾ ︵2018 ︶ ᠵᠡᠷᠭᠡ ᠰᠢᠯᠦᠭ ᠦ᠋ᠨ ᠨᠣᠮ ᠬᠡᠪᠯᠡᠭᠦᠯᠦᠨ ᠲᠠᠷᠬᠠᠭᠠᠵᠤ ᠂ ᠣᠯᠠᠨ ᠤ᠋ ᠬᠦᠷᠲᠡᠭᠡᠯ ᠪᠣᠯᠭᠠᠭᠰᠠᠨ ᠪᠠᠢᠳᠠᠭ ᠃ ᠡᠭᠦᠨ ᠡᠴᠡ ᠭᠠᠳᠠᠨ᠎ᠠ ᠮᠣᠩᠭᠤᠯ ᠤᠯᠤᠰ ᠲᠤ᠌ ᠤᠷᠢᠳ ᠬᠣᠵᠢᠳ ᠪᠠᠰᠠ ︽ ᠶᠢᠰᠦᠨ ᠡᠷᠳᠡᠨᠢ  ᠶᠢᠨ ᠠᠶᠠᠯᠭᠤ ︾ ︵2011 ︶ ᠪᠠ ︽ ᠢᠷᠠᠭᠤ ᠨᠠᠢᠷᠠᠭ ᠢ᠋ᠶ᠋ᠠᠷ ᠲᠠᠢᠳᠭᠤᠷᠠᠬᠤᠢ ︾ ᠰᠢᠯᠦᠭ ᠦ᠋ᠨ ᠨᠣᠮ ︵2014 ︶ ᠂ ︽ ᠮᠣᠩᠭᠤᠯ ᠬᠠᠶᠢᠭ ᠲᠠᠢ ᠰᠠᠯᠬᠢ ︾ ︵ 2014 ︶ ᠨᠠᠢᠷᠠᠭᠤᠯᠤᠯ ᠤ᠋ᠨ ᠨᠣᠮ ᠂ ︽ ᠮᠥᠷᠦᠭᠡᠳᠦᠯ ᠠᠮᠢᠯᠠᠭᠰᠠᠨ ᠨᠤᠲᠤᠭ ︾ ︵ ᠨᠠᠢᠷᠠᠭᠤᠯᠤᠯ ᠃ ᠠᠩᠭ᠌ᠯᠢ ᠬᠡᠯᠡ ᠪᠡᠷ ᠃ 2018 ︶ ᠂ ︽ ᠬᠥᠷᠦᠭ ᠰᠢᠯᠦᠭ ︱ ᠵᠣᠷᠢᠭᠤᠯᠤᠯᠲᠠ  ᠶᠢᠨ ᠰᠢᠯᠦᠭ ︾ ︵2018 ︶ ᠂ ︽ ᠣᠶᠤᠨᠯᠢᠭ ᠮᠣᠳᠤᠨ ‍ᠣ ᠵᠢᠮᠢᠰ ︾ ︵ 2018 ︶ ᠬᠡᠮᠡᠬᠦ ᠰᠢᠯᠦᠭ ᠦ᠋ᠨ ᠨᠣᠮ ᠢ᠋ᠶ᠋ᠠᠨ ᠬᠡᠪᠯᠡᠭᠦᠯᠵᠦ ᠣᠯᠠᠨ ‍ᠣ ᠬᠦᠷᠲᠡᠭᠡᠯ ᠪᠣᠯᠭᠠᠭᠰᠠᠨ ᠪᠢᠯᠡ ᠃ ᠲᠡᠷᠡ ᠪᠡᠷ ᠤᠷᠢᠳ ᠬᠣᠵᠢᠳ ᠲᠡᠷᠡ ᠪᠠᠰᠠ ᠣᠯᠠᠨ ᠤᠳᠠᠭᠠᠨ ‍ᠣ ᠤᠷᠠᠨ ᠪᠦᠲᠦᠭᠡᠯ ᠦ᠋ᠨ ᠤᠷᠤᠯᠳᠤᠭᠠᠨ ᠲᠡᠮᠡᠴᠡᠭᠡᠨ ‍ᠳ᠋ᠥ ᠥᠪᠡᠷ ᠢ᠋  ᠪᠠᠨ ᠰᠣᠷᠢᠵᠤ ᠶᠠᠪᠤᠭᠰᠠᠨ ᠪᠢᠯᠡ ᠃ 2002 ᠣᠨ ‍ᠳ᠋ᠥ ᠥᠪᠦᠷ ᠮᠣᠩᠭᠤᠯ ᠤ᠋ᠨ ᠬᠠᠮᠤᠭ ᠤᠨ ᠳᠡᠭᠡᠳᠦ ᠵᠠᠰᠠᠭ ᠱᠠᠩᠨᠠᠯ ᠪᠣᠯᠬᠤ ︽ ᠰᠣᠯᠤᠩᠭ᠎ᠠ ︾ ᠱᠠᠩᠨᠠᠯ ᠲᠤᠰᠪᠠ ᠃ ᠪᠦᠬᠦ ᠤᠯᠤᠰ ᠤᠨ ︽ ᠥᠨᠢᠷ ᠴᠡᠴᠡᠭ ᠣᠳᠤᠨ ᠱᠠᠩᠨᠠᠯ ︾ ᠨᠠᠢᠷᠠᠭᠤᠯᠤᠯ ᠤ᠋ᠨ ᠤᠷᠤᠯᠳᠤᠭᠠᠨ ‍ᠳ᠋ᠥ ︽ ᠭᠠᠵᠠᠷ ᠤᠨ ᠲᠠᠮᠠᠭ᠎ᠠ ︾ ᠨᠠᠢᠷᠠᠭᠤᠯᠤᠯ ᠢ᠋ᠶ᠋ᠠᠷ ᠢ᠋ᠶ᠋ᠠᠨ ᠲᠡᠷᠢᠭᠦᠨ ᠪᠠᠢᠷᠢ ᠂ ︽ ᠴᠤᠤᠷᠠᠢ ᠴᠠᠭᠠᠨ ᠬᠠᠢᠷᠬᠠᠨ ︾ ᠨᠠᠢᠷᠠᠭᠤᠯᠤᠯ ᠢ᠋ᠶ᠋ᠠᠷ ᠢ᠋ᠶ᠋ᠠᠨ ᠬᠠᠮᠤᠭ ᠠᠩᠬᠠᠨ ‍ᠣ ︽ ᠥᠨᠢᠷ ᠴᠡᠴᠡᠭ ︾ ᠱᠠᠩᠨᠠᠯ ᠂ ᠠᠯᠠᠱᠠ ᠠᠢᠮᠠᠭ ᠤ᠋ᠨ ᠠᠩᠬᠠᠳᠤᠭᠠᠷ ᠤᠳᠠᠭᠠᠨ ‍ᠣ ︽ ᠤᠯᠤᠰ ᠤᠨ ᠭᠠᠢᠯᠢ ︾ ᠴᠣᠮᠣ ᠶ᠋ᠢᠨ ᠰᠢᠯᠦᠭ ᠦ᠋ᠨ ᠨᠠᠭᠠᠳᠤᠮ ᠤᠨ ︽ ᠡᠷ᠎ᠡ ᠬᠥᠮᠦᠨ ︾ ᠰᠢᠯᠦᠭ ᠢ᠋ᠶ᠋ᠡᠷ ᠢ᠋ᠶ᠋ᠡᠨ ᠲᠡᠷᠢᠭᠦᠨ ᠪᠠᠢᠷᠢ ᠂ ᠠᠩᠬᠠᠳᠠᠭᠴᠢ ᠤᠳᠠᠭᠠᠨ ‍ᠣ ︽ ᠨᠠ‍ ᠂ ᠰᠠᠢᠨᠴᠣᠭᠲᠤ ︾ ᠨᠡᠷᠡᠮᠵᠢᠲᠦ ᠰᠢᠯᠦᠭ ᠦ᠋ᠨ ᠤᠷᠤᠯᠳᠤᠭᠠᠨ ‍ᠳ᠋ᠥ ︽ ᠤᠤᠭᠠᠨ ᠪᠤᠲᠤᠭᠤ ︾ ᠪᠠᠷ  ᠢᠶᠡᠨ ᠵᠣᠬᠢᠶᠠᠯ ᠪᠦᠲᠦᠭᠡᠯ ᠦ᠋ᠨ ᠬᠣᠶᠠᠳᠤᠭᠠᠷ ᠱᠠᠩᠨᠠᠯ ᠂ ᠪᠦᠬᠦ ᠤᠯᠤᠰ ᠤᠨ ᠳᠥᠷᠪᠡᠳᠦᠭᠡᠷ ᠤᠳᠠᠭᠠᠨ ‍ᠣ ︽ ᠲᠡᠭᠷᠢ  ᠶᠢᠨ ᠪᠤᠲᠤᠭᠤ ︾ ᠰᠢᠯᠦᠭ ᠦ᠋ᠨ ᠨᠠᠭᠠᠳᠤᠮ ᠤ᠋ᠨ ᠲᠡᠷᠢᠭᠦᠨ ᠪᠠᠢᠷᠢ ᠂ ᠪᠦᠬᠦ ᠤᠯᠤᠰ ᠤᠨ ︽ ᠠᠯᠲᠠᠨ ᠭᠠᠨᠳᠠᠷᠢ ︾ ᠨᠡᠷᠡᠮᠵᠢᠲᠦ ᠤᠷᠠᠨ ᠵᠣᠬᠢᠶᠠᠯ ᠤ᠋ᠨ ᠤᠷᠤᠯᠳᠤᠭᠠᠨ ‍ᠳ᠋ᠥ ︽ ᠶᠡᠬᠡ ᠨᠡᠭᠦᠳᠡᠯ ᠦ᠋ᠨ ᠲᠠᠪᠢᠯᠠᠩ ︾ ᠨᠠᠢᠷᠠᠭᠤᠯᠤᠯ   ᠢᠶᠡᠷ  ᠢᠶᠡᠨ ᠰᠢᠯᠢᠳᠡᠭ ᠱᠠᠩᠨᠠᠯ  ᠢ ᠲᠤᠰ ᠲᠤᠰ ᠬᠦᠷᠲᠡᠵᠦ ᠶᠠᠪᠤᠭᠰᠠᠨ ᠤᠳᠠᠭ᠎ᠠ ᠲᠠᠢ ᠪᠥᠭᠡᠳ2012 ᠣᠨ ‍ᠣ ᠬᠠᠪᠤᠷ ᠂ ᠪᠦᠬᠦ ᠤᠯᠤᠰ ᠤᠨ ᠬᠣᠶᠠᠳᠤᠭᠠᠷ ᠬᠤᠭᠤᠴᠠᠭᠠᠨ ‍ᠣ ︽ ᠳᠣᠷᠤᠨ᠎ᠠ ᠶ᠋ᠢᠨ ᠤᠳᠭ᠎ᠠ ᠵᠣᠬᠢᠶᠠᠯ ᠤ᠋ᠨ ᠱᠠᠩᠨᠠᠯ ︾ ᠲᠤᠰᠤᠭᠰᠠᠨ ᠪᠢᠯᠡ ᠃ 2012 ᠣᠨ ‍ᠣ 9 ᠰᠠᠷ᠎ᠠ ‍ᠳ᠋ᠥ ᠮᠣᠩᠭᠤᠯ ᠤᠯᠤᠰ ᠤᠨ ᠴᠢᠯᠦᠭᠡᠲᠦ ᠵᠣᠬᠢᠶᠠᠯᠴᠢᠳ ᠤ᠋ᠨ ᠬᠣᠷᠢᠶᠠᠨ ‍ᠣ ᠤᠷᠢᠯᠭ᠎ᠠ ᠪᠠᠷ ᠣᠯᠠᠨ ᠤᠯᠤᠰ ᠤᠨ ︽ ᠠᠯᠲᠠᠨ ᠭᠥᠷᠥᠭᠡᠰᠦ ︾ ᠨᠡᠷᠡᠮᠵᠢᠲᠦ ᠢᠷᠠᠭᠤ ᠨᠠᠢᠷᠠᠭ ᠤ᠋ᠨ ᠴᠢᠭᠤᠯᠭᠠᠨ ‍ᠳ᠋ᠥ ᠤᠷᠢᠭᠳᠠᠨ ᠠᠮᠵᠢᠯᠲᠠ ᠲᠠᠢ ᠣᠷᠤᠯᠴᠠᠪᠠ ᠃ 2013 ᠣᠨ ‍ᠣ 6 ᠰᠠᠷ᠎ᠠ ︱ 7 ᠰᠠᠷ᠎ᠠ ᠪᠣᠯᠲᠠᠯ᠎ᠠ ᠯᠣ᠋ ᠰᠢᠶᠦ᠋ᠨ ᠤᠳᠭ᠎ᠠ ᠵᠣᠬᠢᠶᠠᠯ ᠤ᠋ᠨ ᠳᠡᠭᠡᠳᠦ ᠰᠤᠷᠭᠠᠭᠤᠯᠢ  ᠶᠢᠨ ᠳᠥᠷᠪᠡᠳᠦᠭᠡᠷ ᠬᠤᠭᠤᠴᠠᠭᠠᠨ ‍ᠣ ᠴᠥᠭᠡᠨ ᠲᠣᠭᠠᠲᠤ ᠦᠨᠳᠦᠰᠦᠲᠡᠨ ‍ᠣ ᠤᠳᠭ᠎ᠠ ᠵᠣᠬᠢᠶᠠᠯ ᠤ᠋ᠨ ᠪᠣᠯᠪᠠᠰᠤᠷᠠᠯ ᠤ᠋ᠨ ᠠᠩᠭᠢ ︵ 2013 ᠣᠨ ᠂ ᠥᠪᠦᠷ ᠮᠣᠩᠭᠤᠯ ︶ ‍ᠳ᠋ᠥ ᠰᠤᠷᠤᠯᠴᠠᠪᠠ ᠃ 2016 ᠣᠨ ‍ᠣ 9 ᠰᠠᠷ᠎ᠠ ‍ᠳ᠋ᠥ ︽ ᠮᠣᠩᠭᠤᠯ ᠤᠳᠭ᠎ᠠ ᠵᠣᠬᠢᠶᠠᠯ ᠂ ᠰᠣᠶᠤᠯ ᠢ᠋ ᠬᠥᠭᠵᠢᠭᠦᠯᠬᠦ ᠪᠤᠶᠠᠨᠲᠤ ᠦᠢᠯᠡᠰ ᠲᠤ᠌ ᠣᠯᠠᠨ ᠵᠢᠯ ᠬᠢᠴᠢᠶᠡᠯ ᠵᠢᠳᠭᠦᠯ ᠢ᠋ᠶ᠋ᠡᠨ ᠵᠣᠷᠢᠭᠤᠯᠤᠭᠰᠠᠨ ᠭᠡᠭᠡᠨ ᠵᠠᠮᠨᠠᠯ  ᠢ ᠲᠠᠯᠠᠷᠬᠠᠨ ᠦᠨᠡᠯᠡᠵᠦ ︾ ᠂ ᠮᠣᠩᠭᠤᠯ ᠤᠯᠤᠰ ᠤᠨ ᠵᠣᠬᠢᠶᠠᠯᠴᠢᠳ ᠤᠨ ᠡᠪᠯᠡᠯ ᠡᠴᠡ ᠣᠯᠭᠤᠭᠰᠠᠨ ︽ ᠤᠳᠭ᠎ᠠ ᠵᠣᠬᠢᠶᠠᠯ ᠤᠨ ᠲᠥᠯᠦᠭᠡ ︾ ᠬᠦᠨᠳᠦᠲᠦ ᠱᠠᠩᠨᠠᠯ ᠂ ᠪᠠᠲᠤᠯᠠᠮᠵᠢ ᠪᠢᠴᠢᠭ ᠭᠠᠷᠳᠠᠭᠰᠠᠨ ᠪᠢᠯᠡ ᠃ 2017 ᠣᠨ ‍ᠣ 8 ᠰᠠᠷ᠎ᠠ ‍ᠳ᠋ᠥ ᠮᠣᠩᠭᠤᠯ ᠤᠯᠤᠰ ᠲᠤ᠌ ᠪᠣᠯᠤᠭᠰᠠᠨ ᠳᠡᠯᠡᠬᠡᠢ  ᠶᠢᠨ ᠢᠷᠠᠭᠤ ᠨᠠᠢᠷᠠᠭ ᠤ᠋ᠨ 37 ‍ᠳ᠋ᠤᠭᠠᠷ ᠶᠡᠬᠡ ᠬᠤᠷᠠᠯ ‍ᠳ᠋ᠥ ᠠᠮᠵᠢᠯᠲᠠ ᠲᠠᠢ ᠣᠷᠤᠯᠴᠠᠪᠠ ᠃ 2017 ᠣᠨ ‍ᠳ᠋ᠥ ᠪᠦᠬᠦ ᠤᠯᠤᠰ ᠤᠨ ᠭᠤᠷᠪᠠᠳᠤᠭᠠᠷ ᠤᠳᠠᠭᠠᠨ ‍ᠣ ︽ ᠮᠥᠩᠬᠡ ᠲᠡᠭᠷᠢ ︾ ᠰᠢᠯᠦᠭ ᠦ᠋ᠨ ᠨᠠᠭᠠᠳᠤᠮ ᠤᠨ ᠱᠠᠩᠨᠠᠯᠲᠤ ᠪᠠᠢᠷᠢᠨ ‍ᠳ᠋ᠥ ᠂ ᠮᠥᠨ ᠲᠤᠰ ᠵᠢᠯ ‍ᠳ᠋ᠥ ᠪᠣᠯᠤᠭᠰᠠᠨ ᠪᠦᠬᠦ ᠤᠯᠤᠰ ᠤᠨ ︽ ᠥᠨᠢᠷ ᠴᠡᠴᠡᠭ ︾ ᠨᠡᠷᠡᠮᠵᠢᠲᠦ ᠨᠠᠢᠷᠠᠭᠤᠯᠤᠯ ᠤ᠋ᠨ ᠤᠷᠤᠯᠳᠤᠭᠠᠨ ‍ᠣ ᠰᠢᠯᠢᠳᠡᠭ ᠪᠠᠢᠷᠢ ᠂ 2018 ᠣᠨ ‍ᠳ᠋ᠥ ᠪᠣᠯᠤᠭᠰᠠᠨ ᠪᠦᠬᠦ ᠤᠯᠤᠰ ᠤᠨ ︽ ᠥᠨᠢᠷ ᠴᠡᠴᠡᠭ ︾ ᠮᠡᠳᠡᠭᠡᠯᠡᠯ ᠦ᠋ᠨ ᠤᠷᠠᠨ ᠵᠣᠬᠢᠶᠠᠯ ᠂ ᠨᠠᠢᠷᠠᠭᠤᠯᠤᠯ ᠤ᠋ᠨ ᠤᠷᠤᠯᠳᠤᠭᠠᠨ ‍ᠳ᠋ᠥ ᠭᠤᠷᠪᠠᠳᠤᠭᠠᠷ ᠪᠠᠢᠷᠢ ᠶ᠋ᠢ ᠲᠤᠰ ᠲᠤᠰ ᠡᠵᠡᠯᠡᠵᠦ ᠂ ᠱᠠᠩ ᠲᠤᠰᠪᠠ ᠃ ︿︿ ᠭᠠᠵᠠᠷ ᠤᠨ ᠲᠠᠮᠠᠭ᠎ᠠ︾ ᠨᠠᠢᠷᠠᠭᠤᠯᠤᠯ ᠨᠢ ᠳᠡᠭᠡᠳᠦ ᠳᠤᠮᠳᠠᠳᠤ ᠶ᠋ᠢᠨ ᠮᠣᠩᠭᠤᠯ ᠬᠡᠯᠡᠨ ᠦ᠌ ᠰᠤᠷᠬᠤ ᠪᠢᠴᠢᠭ ᠲᠦ᠍ ᠰᠣᠩᠭᠤᠭᠳᠠᠨ ᠣᠷᠤᠵᠤ ᠥᠩᠭᠡᠷᠡᠭᠰᠡᠨ ᠪᠠ ᠲᠤᠰ ᠪᠦᠲᠦᠭᠡᠯ ᠨᠢ ᠪᠠᠰᠠ ᠬᠢᠲᠠᠳ ᠤ᠋ᠨ ᠨᠡᠷᠡᠲᠦ ᠰᠡᠳᠭᠦᠯ ︿ ︿ ᠠᠷᠪᠠᠨ ᠰᠠᠷ᠎ᠠ ﹀ ﹀ ᠳ᠋ᠤ ᠨᠡᠢᠲᠡᠯᠡᠭᠳᠡᠵᠦ ᠂ ︽ ᠳᠤᠮᠳᠠᠳᠤ ᠤᠯᠤᠰ ᠤᠨ ᠪᠠᠷᠠᠭᠤᠨ ᠪᠦᠰᠡ ᠨᠤᠲᠤᠭ ᠤ᠋ᠨ ᠨᠠᠢᠷᠠᠭᠤᠯᠤᠯ ᠤ᠋ᠨ ᠰᠢᠯᠢᠮᠡᠯ ︾ ᠪᠠ ︽ ᠴᠥᠭᠡᠨ ᠲᠣᠭᠠᠲᠤ ᠦᠨᠳᠦᠰᠦᠲᠡᠨ ‍ᠣ ᠰᠢᠯᠢᠳᠡᠭ ᠵᠣᠬᠢᠶᠠᠯ  ᠤᠨ ᠰᠣᠩᠭᠤᠮᠠᠯ ︾ ‍ᠳ᠋ᠥ ᠲᠤᠰ ᠲᠤᠰ ᠰᠢᠯᠢᠭᠳᠡᠨ ᠣᠷᠤᠭᠰᠠᠨ ᠶᠤᠮ ᠃ ︽ ᠴᠤᠤᠷᠠᠢ ᠴᠠᠭᠠᠨ ᠬᠠᠢᠷᠠᠬᠠᠨ ︾ ᠨᠠᠢᠷᠠᠭᠤᠯᠤᠯ ᠨ‍ ᠠᠩᠬ᠎ᠠ ᠭᠤᠷᠪᠠᠳᠤᠭᠠᠷ ᠣᠨ ᠤ᠋ ᠬᠢᠴᠢᠶᠡᠯ ᠦ᠋ᠨ ᠪᠢᠴᠢᠭ ᠦ᠋ᠨ ᠵᠢᠷᠭᠤᠳᠤᠭᠠᠷ ᠳᠡᠪᠲᠡᠷ ᠲᠦ᠍ ᠰᠣᠩᠭᠤᠭᠳᠠᠨ ᠣᠷᠤᠪᠠ ᠃ ᠲᠡᠭᠦᠨ ᠦ᠌ ᠪᠠᠰᠠ ᠬᠤᠶᠠᠷ ᠪᠦᠲᠦᠭᠡᠯ ᠨᠢ ᠲᠤᠰ ᠪᠦᠷᠢ ᠳᠡᠭᠡᠳᠦ ᠳᠤᠮᠳᠠᠳᠤ ᠪᠠ ᠠᠩᠬ᠎ᠠ ᠵᠡᠷᠭᠡ  ᠶᠢᠨ ︽ ᠤᠩᠰᠢᠯᠭ᠎ᠠ  ᠶᠢᠨ ᠪᠢᠴᠢᠭ ︾ ᠲᠤ᠌ ᠲᠤᠰ ᠲᠤᠰ ᠰᠣᠩᠭᠤᠭᠳᠠᠪᠠ ᠃ ᠡᠭᠦᠨ ᠡᠴᠡ ᠭᠠᠳᠠᠨ᠎ᠠ ᠵᠠᠷᠢᠮ ᠪᠦᠲᠦᠭᠡᠯ ᠬᠢᠲᠠᠳ ᠂ ᠠᠩᠭ᠌ᠯᠢ ᠂ ᠣᠷᠤᠰ ᠬᠡᠯᠡᠨ᠎ᠡ ᠬᠥᠷᠪᠡᠭᠦᠯᠦᠭᠳᠡᠵᠡᠢ ᠃ ᠲᠡᠷᠡ ᠪᠡᠷ ᠣᠳᠣ ᠠᠯᠠᠱᠠ ᠠᠢᠮᠠᠭ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠳᠡᠳ᠋ ᠲᠡᠷᠢᠭᠦᠯᠡᠭᠴᠢ ᠂ ᠳᠤᠮᠳᠠᠳᠤ ᠤᠯᠤᠰ ᠤᠨ ᠵᠣᠬᠢᠶᠠᠯᠴᠢᠳ ᠤᠨ ᠡᠪᠯᠡᠯ ᠦ᠋ᠨ ᠭᠡᠰᠢᠭᠦᠨ ᠂ ᠳᠤᠮᠳᠠᠳᠤ ᠤᠯᠤᠰ ᠤᠨ ᠨᠠᠢᠷᠠᠭᠤᠯᠤᠯ ᠤ᠋ᠨ ᠵᠣᠬᠢᠶᠠᠯᠴᠢᠳ ᠤᠨ ᠨᠡᠢᠭᠡᠮᠯᠢᠭ ᠦ᠋ᠨ ᠭᠡᠰᠢᠭᠦᠨ ᠂ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ‍ᠣ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤᠨ ᠨᠡᠢᠭᠡᠮᠯᠢᠭ ᠦ᠋ᠨ ᠭᠡᠰᠢᠭᠦᠨ ᠃ ᠠᠯᠠᠱᠠ ᠠᠢᠮᠠᠭ ᠤ᠋ᠨ ᠲᠡᠮᠡᠭᠡᠨ ᠰᠣᠶᠤᠯ ᠢ᠋ ᠠᠬᠢᠭᠤᠯᠬᠤ ᠨᠡᠢᠭᠡᠮᠯᠢᠭ ᠦ᠋ᠨ ᠪᠠᠢᠩᠭᠤ ᠶ᠋ᠢᠨ ᠬᠡᠷᠡᠭ ᠡᠷᠬᠢᠯᠡᠭᠴᠢ ᠂ ᠠᠯᠠᠱᠠ ᠠᠢᠮᠠᠭ ᠤ᠋ᠨ ᠠᠷᠠᠳ ᠤᠨ ᠳᠠᠭᠤᠨ ᠤ᠋ ᠨᠡᠢᠭᠡᠮᠯᠢᠭ ᠦ᠋ᠨ ᠪᠠᠢᠩᠭᠤ ᠶ᠋ᠢᠨ ᠭᠡᠰᠢᠭᠦᠨ ᠵᠡᠷᠭᠡ ᠨᠡᠢᠭᠡᠮ ᠦ᠋ᠨ ᠵᠡᠷᠭᠡ ᠲᠤᠰᠢᠶᠠᠯ ᠡᠭᠦᠷᠭᠡᠯᠡᠵᠦ ᠪᠠᠢᠨ᠎ᠠ ᠃