ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠨᠠᠷᠠᠩᠭᠤᠸ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠨᠠᠷᠠᠩᠭᠤᠸ᠎ᠠ ᠪᠣᠯ 1959 ᠣᠨ  ‍ᠣ 9 ᠰᠠᠷ᠎ᠠ  ‍ᠳ᠋ᠣ ᠬᠦᠷᠢᠶ᠎ᠡ ᠬᠣᠰᠢᠭᠤᠨ  ‍ᠣ ᠮᠠᠩᠬᠠᠨ ᠰᠤᠮᠤᠨ  ‍ᠳ᠋ᠣ ᠲᠥᠷᠦᠵᠦ ᠂ ᠪᠠᠭ᠎ᠠ ᠰᠤᠷᠭᠠᠭᠤᠯᠢ ᠪᠠᠨ ᠮᠠᠩᠬᠠᠨ ᠰᠤᠮᠤᠨ  ‍ᠣ ᠬᠠᠲᠠᠭᠤ ᠭᠠᠴᠠᠭᠠᠨ  ‍ᠣ ᠪᠠᠭ᠎ᠠ ᠰᠤᠷᠭᠠᠭᠤᠯᠢ  ‍ᠳ᠋ᠣ ᠦᠵᠡᠪᠡ ︵1968 ︱1973 ᠣᠨ ︶ 1973 ︱ 1975 ᠣᠨ ᠪᠣᠯᠲᠠᠯ᠎ᠠ ᠮᠠᠩᠬᠠᠨ ᠰᠤᠮᠤ  ᠶᠢᠨ ᠰᠠᠭᠤᠭ᠎ᠠ ᠭᠠᠵᠠᠷ ᠂ ᠮᠠᠩᠬᠠᠨ ᠳᠤᠮᠳᠠᠳᠤ ᠰᠤᠷᠭᠠᠭᠤᠯᠢ  ‍ᠳ᠋ᠣ ᠪᠢᠴᠢᠭ ᠦᠵᠡᠪᠡ ᠂ ᠠᠩᠭᠢ  ᠶᠢᠨ ᠡᠷᠬᠢᠯᠡᠭᠴᠢ ᠄ ᠪᠠᠭᠠᠲᠤᠷ ᠪᠠᠭᠰᠢ ︔ 1975 ︱1977 ᠣᠨ ᠪᠣᠯᠲᠠᠯ᠎ᠠ ᠡᠯᠡᠰᠦᠨ ᠳᠤᠮᠳᠠᠳᠤ ᠰᠤᠷᠭᠠᠭᠤᠯᠢ  ‍ᠳ᠋ᠣ ᠪᠢᠴᠢᠭ ᠦᠵᠡᠪᠡ ᠂ ᠠᠩᠭᠢ  ᠶᠢᠨ ᠡᠷᠬᠢᠯᠡᠭᠴᠢ ᠄ ᠢᠮᠡᠰᠡᠷᠡᠩ ᠪᠠᠭᠰᠢ ︔ 1977 ︱ 1979 ᠣᠨ ᠪᠣᠯᠲᠠᠯ᠎ᠠ ᠤᠤᠯ  ‍ᠣᠨ ᠵᠢᠷᠢᠮ  ‍ᠣᠨ ᠪᠠᠭᠰᠢ  ᠶᠢᠨ ᠰᠤᠷᠭᠠᠭᠤᠯᠢ  ᠶᠢᠨ ᠮᠣᠩᠭᠤᠯ ᠬᠡᠯᠡᠨ  ‍ᠣ ᠠᠩᠭᠢ  ‍ᠳ᠋ᠣ ᠪᠢᠴᠢᠭ ᠦᠵᠡᠪᠡ ᠂ ᠠᠩᠭᠢ  ᠶᠢᠨ ᠡᠷᠬᠢᠯᠡᠭᠴᠢ ᠪᠠᠭᠰᠢ ᠄ ᠦᠯᠵᠡᠶᠢᠠᠤᠷᠤᠰᠢᠬᠤ ᠪᠠᠭᠰᠢ ︔ 1979.8 ︱1988.8 ᠮᠠᠩᠬᠠᠨ  ᠳ᠋ᠠᠬᠢ ᠳᠤᠮᠳᠠᠳᠤ ᠰᠤᠷᠭᠠᠭᠤᠯᠢ  ‍ᠳ᠋ᠣ ᠪᠢᠴᠢᠭ ᠵᠢᠭᠠᠵᠤ ᠂ ᠪᠠᠭᠰᠢ  ᠶᠢᠨ ᠠᠵᠢᠯ  ᠢ ᠬᠢᠪᠡ ᠂ ᠰᠤᠷᠭᠠᠭᠤᠯᠢ  ᠶᠢᠨ ᠵᠠᠬᠢᠷᠤᠯ ᠄ ᠪᠥᠬᠡᠲᠡᠮᠦᠷ ᠪᠠᠭᠰᠢ ︔ 1988.9 ︱2002 ᠣᠨ  ‍ᠳ᠋ᠣ ᠬᠦᠷᠢᠶ᠎ᠡ ᠬᠣᠰᠢᠭᠤᠨ  ‍ᠣ ᠳᠥᠷᠪᠡᠳᠦᠭᠡᠷ ᠳᠤᠮᠳᠠᠳᠤ ᠰᠤᠷᠭᠠᠭᠤᠯᠢ  ᠶᠢᠨ ᠪᠠᠭᠰᠢ  ᠶᠢᠨ ᠠᠵᠢᠯ ᠬᠢᠪᠡ ᠂ ᠵᠠᠬᠢᠷᠤᠯ ᠄ ᠸᠠᠩ ᠹᠦ ᠴᠢᠤᠸᠠᠨ ᠪᠠᠭᠰᠢ ︔ 2002.8 ︱2014.9.10 ᠪᠣᠯᠲᠠᠯ᠎ᠠ ᠬᠦᠷᠢᠶ᠎ᠡ  ᠳ᠋ᠠᠬᠢ ᠨᠢᠭᠡᠳᠦᠭᠡᠷ ᠳᠤᠮᠳᠠᠳᠤ ᠰᠤᠷᠭᠠᠭᠤᠯᠢ  ‍ᠳ᠋ᠣ ᠠᠵᠢᠯᠯᠠᠪᠠ ᠂ ᠵᠠᠬᠢᠷᠤᠯ ᠄ ᠠᠯᠲᠠᠨᠪᠠᠶᠠᠷ 2014 ᠣᠨ  ‍ᠣ9 ᠰᠠᠷ᠎ᠠ  ᠶᠢᠨ10  ‍ᠣ ᠡᠳᠦᠷ ᠬᠦᠷᠢᠶ᠎ᠡ ᠨᠢᠭᠡᠳᠦᠭᠡᠷ ᠳᠤᠮᠳᠠᠳᠤ ᠰᠤᠷᠭᠠᠭᠤᠯᠢ   ᠠᠴᠠ ᠠᠵᠢᠯ  ‍ᠣᠨ ᠠᠮᠠᠷᠠᠯᠲᠠ ᠪᠠᠨ ᠠᠪᠤᠪᠠ ᠃ ᠪᠢ ᠬᠠᠷᠠᠬᠠᠨ ᠪᠠᠭ᠎ᠠ   ᠠᠴᠠ ᠪᠠᠨ ᠳᠠᠭᠤᠯᠠᠵᠤ ᠪᠥᠵᠢᠭᠯᠡᠬᠦ ᠂ ᠵᠣᠬᠢᠶᠠᠨ ᠪᠦᠲᠦᠭᠡᠬᠦ ᠳᠤᠷᠠᠲᠠᠢ ᠂ ᠨᠡᠩ ᠨᠠᠢᠷᠠᠭᠤᠯᠤᠯ  ‍ᠣᠨ ᠵᠣᠬᠢᠶᠠᠯ  ᠢ ᠤᠩᠰᠢᠨ ᠰᠣᠨᠢᠷᠬᠠᠬᠤ ᠳᠤᠷᠠᠲᠠᠢ ᠪᠥᠭᠡᠳ ᠥᠪᠡᠷᠲᠡᠭᠡᠨ ᠴᠦ᠍ ᠪᠠᠰᠠ ᠤᠯᠠᠨ ᠤᠯᠠᠨ ᠨᠠᠢᠷᠠᠭᠤᠯᠤᠯ  ‍ᠣᠨ ᠵᠣᠬᠢᠶᠠᠯ ᠪᠢᠴᠢᠵᠦ ᠂ ᠲᠦᠩᠯᠢᠶᠣᠤ ᠡᠳᠦᠷ  ‍ᠣᠨ ᠰᠣᠨᠢᠨ ᠂ ᠥᠪᠦᠷ ᠮᠣᠩᠭᠤᠯ  ‍ᠣᠨ ᠡᠳᠦᠷ  ‍ᠣᠨ ᠰᠣᠨᠢᠨ ᠂ ᠥᠪᠦᠷ ᠮᠣᠩᠭᠤᠯ  ‍ᠣᠨ ᠡᠮᠡᠭᠲᠡᠢᠴᠦᠳ ᠰᠡᠳᠭᠦᠯ ᠂ ᠵᠢᠷᠢᠮ  ‍ᠣᠨ ᠤᠷᠠᠨ ᠵᠣᠬᠢᠶᠠᠯ ᠰᠡᠳᠭᠦᠯ ᠂ ᠬᠤᠨ ᠭᠠᠯᠠᠭᠤ ᠵᠡᠷᠭᠡ ᠵᠡᠷᠭᠡ ᠰᠡᠳᠭᠦᠯ ᠳᠡᠭᠡᠷ᠎ᠡ ᠨᠡᠢᠲᠡᠯᠡᠭᠦᠯᠵᠦ ᠥᠩᠭᠡᠷᠡᠭᠰᠡᠨ ᠶᠤᠮ ᠃ ᠳᠠᠭᠤᠯᠠᠬᠤ ᠳᠤᠷᠠᠲᠠᠢ ᠤᠴᠢᠷ   ᠠᠴᠠ ᠰᠠᠢᠬᠠᠨ ᠳᠠᠭᠤᠯᠠᠵᠤ ᠰᠠᠢᠲᠤᠷ ᠤᠯᠠᠮᠵᠢᠯᠠᠨ ᠴᠢᠷᠮᠠᠢᠭᠰᠠᠨ   ᠠᠴᠠ ︽ ᠬᠦᠷᠢᠶ᠎ᠡ ᠬᠣᠰᠢᠭᠤᠨ  ‍ᠣ ᠠᠷᠠᠳ  ‍ᠣᠨ ᠳᠠᠭᠤᠤ  ᠶᠢᠨ ᠤᠯᠠᠮᠵᠢᠯᠠᠭᠴᠢ ︾ ᠪᠡᠷ ᠨᠡᠷᠡᠢᠳᠦᠭᠳᠡᠭᠰᠡᠨ  ‍ᠣ ᠬᠠᠮᠲᠤ 2013 ᠣᠨ  ‍ᠣ 6 ᠰᠠᠷ᠎ᠠ  ‍ᠳ᠋ᠣ ᠲᠦᠩᠯᠢᠶᠣᠤ ᠬᠤᠳᠠ  ᠶᠢᠨ ︽ ᠠᠷᠠᠳ  ‍ᠣᠨ ᠳᠠᠭᠤᠤ  ᠶᠢᠨ ᠤᠯᠠᠮᠵᠢᠯᠠᠭᠴᠢ ︾ ᠪᠡᠷ ᠨᠡᠷᠡᠢᠳᠦᠭᠳᠡᠭᠰᠡᠨ ᠪᠥᠭᠡᠳ 2017 ᠣᠨ  ‍ᠳ᠋ᠣ ᠲᠦᠩᠯᠢᠶᠣᠤ ᠬᠤᠳᠠ  ᠶᠢᠨ ᠠᠷᠠᠳ  ‍ᠣᠨ ᠳᠠᠭᠤᠤ  ᠶᠢᠨ ᠬᠡᠷᠡᠭ ᠡᠷᠬᠢᠯᠡᠭᠴᠢ  ᠶᠢᠨ ᠠᠵᠢᠯ  ᠢ ᠡᠭᠦᠷᠭᠡᠯᠡᠨ ᠬᠢᠵᠦ ᠪᠠᠢᠨ᠎ᠠ ᠃ ᠪᠢ ᠤᠶᠠᠩᠭ᠎ᠠ ᠳᠠᠭᠤᠤ ᠪᠠᠨ ᠤᠷᠠᠨ ᠵᠣᠬᠢᠶᠠᠯ  ᠳ᠋ᠠᠭᠠᠨ ᠠᠭᠤᠰᠭᠠᠨ ᠂ ᠤᠷᠠᠨ ᠵᠣᠬᠢᠶᠠᠯ ᠂ ᠮᠣᠩᠭᠤᠯ ᠵᠦᠴᠦᠭᠡ  ᠶᠢᠨ ᠵᠣᠬᠢᠶᠠᠯ  ᠢᠶᠠᠨ ᠨᠡᠩ ᠤᠷᠮ᠎ᠠ ᠪᠠᠬ᠎ᠠ ᠲᠠᠢ ᠪᠢᠴᠢᠵᠦ ᠂ ᠤᠯᠠᠨ ᠤᠯᠠᠨ ᠱᠠᠩᠨᠠᠯ ᠲᠤᠰᠤᠭᠰᠠᠨ ᠪᠠᠢᠨ᠎ᠠ ᠃ ᠤᠯᠠᠨ ᠵᠢᠯ  ‍ᠣᠨ ᠲᠤᠷᠰᠢ ᠮᠢᠨᠤ ᠪᠢᠴᠢᠭᠰᠡᠨ ︽ ᠬᠣᠵᠢᠮ ᠪᠢ ᠨᠢᠰᠭᠡᠯ  ᠢᠶᠠᠷ ᠲᠦᠷᠬᠦᠮᠴᠢᠯᠡᠨ᠎ᠡ ‍ᠳ᠋ᠠ ︾ ᠂ ︽ ᠦᠷ᠎ᠡ ᠲᠠᠢ ᠬᠥᠮᠦᠨ ᠥᠷᠢ ᠲᠠᠢ ᠯᠠ ‍ᠳ᠋ᠠ ︾ ᠂ ︽ ᠮᠢᠨᠤ ᠡᠵᠢ ᠪᠣᠯ ᠮᠠᠵᠶᠠᠩ ᠫᠠᠢ ᠨᠠᠭᠠᠳᠤᠬᠴᠢ ︾ ᠂ ︽ ᠮᠢᠨᠤ ᠵᠢᠷᠦᠬᠡᠨ  ‍ᠣ ᠭᠤᠷᠪᠠᠨ ᠲᠣᠯᠲᠤ ︾ ᠂ ︽ ᠡᠭᠡᠴᠢ  ᠶᠢᠨ ᠮᠢᠨᠤ ᠮᠣᠷᠳᠠᠭᠰᠠᠨ ᠳᠠᠷᠤᠭ᠎ᠠ ᠬᠦᠷᠭᠡᠨ ︾ ᠂ ︽ ᠦᠢᠯᠡ ᠣᠶᠤᠳᠠᠯ  ᠢᠶᠠᠷ  ᠢᠶᠠᠨ ᠦᠢᠯᠡᠰ ᠪᠣᠰᠭᠠᠭᠰᠠᠨ ᠬᠡᠦᠬᠡᠨ ︾ ᠵᠡᠷᠭᠡ ᠵᠡᠷᠭᠡ ᠨᠠᠢᠷᠠᠭᠤᠯᠤᠯ  ‍ᠣᠨ ᠵᠣᠬᠢᠶᠠᠯ  ‍ᠤᠳ ᠲᠤᠰ ᠲᠤᠰ ᠵᠢᠷᠢᠮ  ‍ᠣᠨ ᠤᠷᠠᠨ ᠵᠣᠬᠢᠶᠠᠯ ᠂ ᠥᠪᠦᠷ ᠮᠣᠩᠭᠤᠯ  ‍ᠣᠨ ᠡᠮᠡᠭᠲᠡᠢᠴᠦᠳ ᠂ ᠥᠪᠦᠷ ᠮᠣᠩᠭᠤᠯ  ‍ᠣᠨ ᠵᠠᠯᠠᠭᠤᠴᠤᠳ ᠰᠡᠳᠭᠦᠯ ᠂ ᠥᠪᠦᠷ ᠮᠣᠩᠭᠤᠯ  ‍ᠣᠨ ᠡᠳᠦᠷ  ‍ᠣᠨ ᠰᠣᠨᠢᠨ ᠵᠡᠷᠭᠡ ᠵᠡᠷᠭᠡ  ‍ᠳ᠋ᠣ ᠪᠦᠷ ᠨᠡᠢᠲᠡᠯᠡᠵᠦ ᠥᠩᠭᠡᠷᠡᠭᠰᠡᠨ ᠪᠠᠢᠨ᠎ᠠ ᠃ ᠠᠷᠠᠳ  ‍ᠣᠨ ᠳᠠᠭᠤᠤ ᠪᠣᠯ ᠮᠣᠩᠭᠤᠯ ᠵᠦᠴᠦᠭᠡ ᠲᠠᠢ ᠨᠢᠭᠲᠠ ᠬᠣᠯᠪᠤᠭ᠎ᠠ ᠲᠠᠢ ᠭᠡᠳᠡᠭ  ᠢ ᠪᠢ ᠮᠡᠳᠡᠵᠦ ᠤᠯᠤᠬᠰᠠᠨ  ‍ᠣ ᠳᠠᠷᠠᠭ᠎ᠠ ᠂ ᠠᠷᠠᠳ  ‍ᠣᠨ ᠳᠠᠭᠤᠤ ᠪᠡᠷ ᠰᠡᠳᠦᠪ ᠠᠪᠴᠤ ᠮᠣᠩᠭᠤᠯ ᠳᠠᠭᠤᠯᠠᠯᠲᠤ ᠵᠦᠴᠦᠭᠡ ︽ ᠳᠤᠸᠠᠯᠠᠮ᠎ᠠ ᠰᠠᠴᠤᠷᠠᠮ᠎ᠠ ᠬᠤᠶᠠᠭᠤᠯᠨ ︾ ᠂ ᠬᠦᠷᠢᠶ᠎ᠡ ᠠᠷᠠᠳ  ‍ᠣᠨ ᠳᠠᠭᠤᠤ ︽ ᠳᠠᠭᠤᠯᠨ ︾ ︵2013 ᠣᠨ  ‍ᠳ᠋ᠣ ︶ ︽ ᠵᠠᠩ ᠢᠦᠢ ᠱᠢ ︾ ᠵᠡᠷᠭᠡ ᠵᠦᠴᠦᠭᠡ  ᠶᠢᠨ ᠵᠣᠬᠢᠶᠠᠯ ᠲᠤᠰᠪᠤᠷᠢ ︽ ᠬᠤᠨ ᠭᠠᠯᠠᠭᠤ ᠰᠡᠳᠭᠦᠯ ︾ ︽ ᠵᠢᠷᠢᠮ ᠤᠷᠠᠯᠢᠭ ︾ ᠰᠡᠳᠭᠦᠯ  ‍ᠳ᠋ᠣ ᠨᠡᠢᠲᠡᠯᠡᠭᠳᠡᠭᠰᠡᠨ ᠪᠥᠭᠡᠳ 2013 ᠣᠨ  ‍ᠳ᠋ᠣ ᠪᠦᠬᠦ ᠣᠷᠤᠨ  ‍ᠣ ᠬᠡᠪᠴᠢᠶᠡᠨ  ‍ᠳ᠋ᠣ ᠶᠠᠪᠤᠭᠳᠠᠭᠤᠯᠤᠭᠰᠠᠨ ᠥᠪᠦᠷ ᠮᠣᠩᠭᠤᠯ  ‍ᠣᠨ ᠤᠳᠭ᠎ᠠ ᠤᠷᠠᠯᠢᠭ  ‍ᠣᠨ ᠬᠣᠯᠪᠤᠭ᠎ᠠ   ᠠᠴᠠ ᠡᠷᠬᠢᠯᠡᠨ ᠶᠠᠪᠤᠭᠳᠠᠭᠤᠯᠤᠭᠰᠠᠨ ᠳᠠᠭᠤᠷᠢᠯᠢᠭ  ‍ᠣᠨ ᠤᠷᠤᠯᠳᠤᠭᠠᠨ  ‍ᠳ᠋ᠣ ︽ ᠬᠦᠷᠭᠡᠨ ᠰᠣᠩᠭᠤᠭᠰᠠᠨ ᠦᠢᠮᠡᠭᠡᠨ ︾ ᠭᠡᠳᠡᠭ ᠮᠣᠩᠭᠤᠯ ᠵᠦᠴᠦᠭᠡ ᠭᠤᠷᠪᠠᠳᠤᠭᠠᠷ  ᠲᠤ᠌ ᠣᠷᠤᠵᠤ ᠱᠠᠩᠨᠠᠭᠳᠠᠭᠰᠠᠨ ᠪᠠᠢᠨ᠎ᠠ ᠃ 2014 ᠣᠨ  ‍ᠳ᠋ᠣ ᠥᠪᠦᠷ ᠮᠣᠩᠭᠤᠯ  ‍ᠣᠨ ᠤᠳᠭ᠎ᠠ ᠤᠷᠠᠯᠢᠭ  ‍ᠣᠨ ᠬᠣᠯᠪᠤᠭ᠎ᠠ ᠂ ᠤᠯᠠᠨ ᠲᠦᠮᠡᠨᠴᠢ ᠤᠷᠠᠯᠢᠭ  ‍ᠣᠨ ᠣᠷᠳᠤᠨ   ᠠᠴᠠ ᠲᠠᠷᠬᠠᠨ ᠮᠤᠤᠮᠢᠩᠭᠠᠨ ᠬᠣᠯᠪᠤᠭᠠᠲᠤ ᠬᠣᠰᠢᠭᠤᠨ  ‍ᠳ᠋ᠣ ᠶᠠᠪᠤᠭᠳᠠᠭᠤᠯᠤᠭᠰᠠᠨ ᠳᠠᠭᠤᠷᠢᠯᠢᠭ  ‍ᠣᠨ ᠵᠣᠬᠢᠶᠠᠨ ᠪᠦᠲᠦᠭᠡᠬᠦ ᠂ ᠰᠣᠳᠤᠯᠠᠬᠤ ᠦᠵᠡᠭᠦᠯᠦᠯᠭᠡ  ᠶᠢᠨ ᠬᠥᠳᠡᠯᠭᠡᠭᠡᠨ  ‍ᠳ᠋ᠣ ︽ ᠡᠢᠮᠦ ᠨᠢᠭᠡᠨ ᠬᠥᠮᠦᠨ ︾ ᠵᠡᠷᠭᠡ ᠵᠦᠴᠦᠭᠡ  ᠶᠢᠨ ᠵᠣᠬᠢᠶᠠᠯ  ᠢᠶᠠᠷ  ᠢᠶᠠᠨ ᠲᠡᠷᠢᠭᠦᠨ ᠲᠡᠰ  ‍ᠣᠨ ᠱᠠᠩᠨᠠᠯ ᠬᠦᠷᠲᠡᠭᠰᠡᠨ ᠪᠠᠢᠨ᠎ᠠ ᠃ ᠤᠷᠠᠨ ᠵᠣᠬᠢᠶᠠᠯ ᠂ ᠮᠣᠩᠭᠤᠯ ᠵᠦᠴᠦᠭᠡ ᠪᠢᠴᠢᠭᠰᠡᠨ ᠢ᠋ᠶ᠋ᠡᠷ ᠪᠠᠷᠠᠬᠤ ᠦᠭᠡᠢ ᠥᠪᠡᠷ  ᠢᠶᠠᠨ ᠴᠦ᠍ ᠮᠣᠩᠭᠤᠯ ᠵᠦᠴᠦᠭᠡ ᠲᠣᠭᠯᠠᠵᠤ ᠱᠠᠩᠨᠠᠯ ᠬᠦᠷᠲᠡᠭᠰᠡᠨ ᠪᠠᠢᠨ᠎ᠠ ᠃ 2012 ᠣᠨ    ‍ᠳ᠋ᠣ ᠮᠣᠩᠭᠤᠯ ᠵᠦᠴᠦᠭᠡ ︽ ᠵᠠᠩ ᠢᠦᠢ ᠱᠢ ︾  ᠶᠢᠨ ᠳᠣᠲᠤᠷᠠᠬᠢ ᠵᠠᠩ ᠢᠦᠢ ᠱᠢ  ᠶᠢ ᠲᠣᠭᠯᠠᠭᠰᠠᠨ ᠪᠥᠭᠡᠳ 2016 ᠣᠨ  ‍ᠣ 9 ᠰᠠᠷ᠎ᠠ  ‍ᠳ᠋ᠣ ᠣᠷᠳᠤᠰ  ᠲᠤ᠌ ᠶᠠᠪᠤᠭᠳᠠᠭᠰᠠᠨ ᠮᠣᠩᠭᠤᠯ ᠵᠦᠴᠦᠭᠡ  ᠶᠢᠨ ᠦᠵᠡᠭᠦᠯᠦᠯᠭᠡ  ᠶᠢᠨ ᠤᠷᠤᠯᠳᠤᠭᠠᠨ  ‍ᠳ᠋ᠣ ︽ ᠳᠠᠭᠤᠯᠨ ︾ ᠭᠡᠳᠡᠭ ᠵᠦᠴᠦᠭᠡ  ᠶᠢᠨ ᠭᠣᠣᠯ ᠲᠣᠭᠯᠠᠭᠴᠢ ︽ ᠳᠠᠭᠤᠯᠨ ︾  ᠶᠢ ᠲᠣᠭᠯᠠᠵᠤ ᠱᠠᠩᠨᠠᠯ ᠬᠦᠷᠲᠡᠭᠰᠡᠨ ᠪᠠᠢᠨ᠎ᠠ ᠃ ︽ ᠬᠦᠷᠭᠡᠨ ᠰᠣᠩᠭᠤᠭᠰᠠᠨ ᠳᠡᠪᠵᠢᠶᠡᠨ ︾ ᠭᠡᠳᠡᠭ ᠮᠣᠩᠭᠤᠯ ᠵᠦᠴᠦᠭᠡ ᠥᠪᠦᠷ ᠮᠣᠩᠭᠤᠯ  ‍ᠣᠨ ᠬᠡᠪᠯᠡᠯ  ‍ᠣᠨ ᠬᠣᠷᠢᠶᠠᠨ  ‍ᠣ ᠬᠡᠪᠯᠡᠭᠰᠡᠨ ᠣᠬᠤᠷ ᠮᠣᠩᠭᠤᠯ ᠵᠦᠴᠦᠭᠡ  ᠶᠢᠨ ᠰᠣᠩᠭᠤᠮᠠᠯ  ‍ᠳ᠋ᠣ ᠰᠣᠩᠭᠤᠭᠳᠠᠨ ᠣᠷᠤᠭᠰᠠᠨ ᠪᠠᠢᠨ᠎ᠠ ᠃ 2013 ᠣᠨ  ‍ᠣ12 ᠰᠠᠷ᠎ᠠ  ‍ᠳ᠋ᠣ ︽ ᠬᠦᠷᠢᠶ᠎ᠡ ᠨᠤᠲᠤᠭ ᠤᠰᠤᠨ  ‍ᠣ ᠤᠷᠠᠨ ᠵᠣᠬᠢᠶᠠᠯ ᠰᠤᠳᠤᠯᠤᠯ ︾  ‍ᠣᠨ ᠰᠣᠩᠭᠤᠮᠠᠯ  ‍ᠳ᠋ᠣ ᠮᠢᠨᠤ ᠪᠢᠴᠢᠭᠰᠡᠨ ︽ ᠮᠠᠷᠲᠠᠭᠳᠠᠰᠢ ᠦᠭᠡᠢ ᠪᠠᠭ᠎ᠠ  ᠶᠢᠨ ᠦᠶ᠎ᠡ  ᠶᠢᠨ ᠨᠤᠲᠤᠭ ᠮᠢᠨᠢ ︾ ᠭᠡᠳᠡᠭ ᠵᠣᠬᠢᠶᠠᠯ ᠰᠣᠩᠭᠤᠭᠳᠠᠭᠰᠠᠨ ᠣᠷᠤᠭᠰᠠᠨ ᠪᠠᠢᠨ᠎ᠠ ᠃ 2014 ᠣᠨ  ‍ᠳ᠋ᠣ ᠬᠦᠷᠢᠶ᠎ᠡ ᠨᠢᠭᠡᠳᠦᠭᠡᠷ ᠳᠤᠮᠳᠠᠳᠤ ᠰᠤᠷᠭᠠᠭᠤᠯᠢ   ᠠᠴᠠ ᠠᠵᠢᠯ  ‍ᠣᠨ ᠠᠮᠠᠷᠠᠯᠲᠠ ᠪᠠᠨ ᠠᠪᠤᠭᠰᠠᠨ  ‍ᠣ ᠳᠠᠷᠠᠭ᠎ᠠ ᠥᠪᠡᠷ  ‍ᠣᠨ ᠠᠵᠢᠯ  ‍ᠣᠨ ᠴᠢᠯᠥᠭᠡ ᠂ ᠠᠮᠠᠷᠠᠯᠲᠠ  ᠶᠢᠨ ᠰᠡᠯᠡᠭᠦᠦ ᠪᠠᠨ ᠠᠰᠢᠭᠯᠠᠨ ᠤᠷᠠᠨ ᠵᠣᠬᠢᠶᠠᠯ ᠂ ᠮᠣᠩᠭᠤᠯ ᠵᠦᠴᠦᠭᠡ ᠪᠠᠨ ᠦᠷᠭᠦᠯᠵᠢᠯᠡᠨ ᠪᠢᠴᠢᠭᠰᠡᠨ  ‍ᠣ ᠬᠠᠮᠲᠤ ᠂ ᠳᠠᠭᠤᠤ  ᠶᠢᠨ ᠦᠭᠡ ᠪᠢᠴᠢᠵᠦ ᠨᠡᠢᠭᠡᠮ ᠨᠡᠢᠲᠡ  ᠶᠢᠨ ᠬᠦᠷᠢᠶᠡᠯᠡᠯ  ᠢ ᠣᠯᠵᠤ ᠮᠠᠭᠲᠠᠭᠳᠠᠭᠰᠠᠨ  ‍ᠣ ᠬᠠᠮᠲᠤ ᠤᠷᠠᠯᠢᠭ  ‍ᠣᠨ ᠲᠠᠢᠰᠠᠨ  ‍ᠳ᠋ᠣ ᠳᠠᠭᠤᠯᠠᠭᠳᠠᠨ ᠲᠠᠷᠬᠠᠭᠳᠠᠵᠤ ᠪᠠᠢᠨ᠎ᠠ ᠃ ᠮᠢᠨᠤ ᠪᠢᠴᠢᠭᠰᠡᠨ ᠳᠠᠭᠤᠤ  ᠶᠢᠨ ᠦᠭᠡ ︱ ︽ ᠮᠠᠷᠭᠠᠰᠢ ᠨᠡᠩ ᠰᠠᠢᠨ ᠪᠣᠯᠤᠭᠠᠰᠠᠢ ︾ ᠭᠡᠳᠡᠭ ᠳᠠᠭᠤᠤ ᠬᠦᠷᠢᠶ᠎ᠡ ᠬᠣᠰᠢᠭᠤᠨ  ‍ᠣ 2018 ᠣᠨ  ‍ᠣ ᠰᠢᠨ᠎ᠡ ᠵᠢᠯ  ‍ᠣᠨ ᠦᠳᠡᠰᠢᠯᠡᠭᠡ  ‍ᠳ᠋ᠣ ᠳᠥᠷᠪᠡᠨ ᠬᠥᠮᠦᠨ  ‍ᠣ ᠬᠠᠮᠲᠤ  ᠶᠢᠨ ᠳᠠᠭᠤᠤ ᠪᠡᠷ ᠳᠠᠭᠤᠯᠠᠭᠳᠠᠪᠠ ᠃ ︽ ᠬᠠᠲᠠᠭᠤ ᠮᠢᠨᠢ ᠨᠠᠳᠠᠳᠤ ᠪᠠᠨ ᠰᠠᠢᠬᠠᠨ ︾ ᠭᠡᠳᠡᠭ ᠳᠠᠭᠤᠤ ᠂ ᠮᠠᠩᠬᠠᠨ ᠰᠤᠮᠤᠨ  ‍ᠣ ᠬᠠᠲᠠᠭᠤ ᠭᠠᠴᠠᠭ᠎ᠠ  ᠶᠢᠨ ᠭᠠᠴᠠᠭᠠᠨ ᠳᠠᠭᠤᠤ ᠪᠡᠷ ᠰᠣᠩᠭᠤᠭᠳᠠᠨ ᠨᠤᠲᠠᠯᠠᠭᠳᠠᠭᠰᠠᠨ ᠪᠠᠢᠨ᠎ᠠ ᠃ ︽ ᠮᠠᠩᠬᠠᠨ ᠠᠷᠠᠳ  ‍ᠣᠨ ᠰᠡᠳᠭᠢᠯ ︾ ᠂ ︽ ᠬᠠᠲᠠᠭᠤ ᠨᠠᠳᠠᠳᠤ ᠪᠠᠨ ᠰᠠᠢᠬᠠᠨ ︾ ᠭᠡᠳᠡᠭ ᠳᠠᠭᠤᠤ ᠪᠦᠷ ᠬᠦᠷᠢᠶ᠎ᠡ ᠬᠣᠰᠢᠭᠤᠨ  ‍ᠣ ᠤᠬᠠᠭᠤᠯᠬᠤ ᠬᠡᠯᠲᠡᠰ  ‍ᠣᠨ ᠰᠢᠯᠢᠳᠡᠭ ᠳᠠᠭᠤᠤ ᠪᠡᠷ ᠱᠠᠩᠨᠠᠭᠳᠠᠭᠰᠠᠨ ᠪᠠᠢᠨ᠎ᠠ ᠃ ︽ ᠰᠢᠳᠡᠳᠤ ᠠᠨᠳᠠᠢ ︾ ᠂ ︽ ᠮᠣᠩᠭᠤᠯ ᠰᠣᠶᠤᠯ  ‍ᠣᠨ ᠥᠪ  ᠢᠶᠠᠨ ᠤᠯᠠᠮᠵᠢᠯᠠᠨ ᠬᠠᠮᠠᠭᠠᠯᠠᠶ᠎ᠠ ︾ ᠂ ︽ ᠪᠠᠭᠰᠢ ᠮᠢᠨᠢ ᠬᠦᠨᠳᠦᠲᠡᠢ ︾ ᠂ ᠂ ᠂ ᠂ ᠂ ᠂ ᠂ ᠵᠡᠷᠭᠡ ᠠᠷᠪᠠᠭᠠᠳ ᠳᠠᠭᠤᠤ ᠣᠳᠣ ᠪᠦᠷ ᠲᠠᠢᠰᠠᠨ ᠳᠡᠭᠡᠷ᠎ᠡ ᠳᠠᠭᠤᠯᠠᠭᠳᠠᠭᠰᠠᠨ ᠴᠤᠤᠷᠢᠶᠠᠲᠤᠭᠰᠠᠭᠠᠷ ᠪᠠᠢᠨ᠎ᠠ ᠃ ︽ ᠰᠣᠶᠤᠯ  ‍ᠣᠨ ᠥᠪ  ᠢᠶᠠᠨ ᠤᠯᠠᠮᠵᠢᠯᠠᠨ ᠬᠠᠮᠠᠭᠠᠯᠠᠶ᠎ᠠ ︾ ᠭᠡᠳᠡᠭ ᠳᠠᠭᠤᠤ ᠬᠦᠷᠢᠶ᠎ᠡ ᠬᠣᠰᠢᠭᠤᠨ  ‍ᠣ ︽ ᠰᠣᠶᠤᠯ  ‍ᠣᠨ ᠥᠪ  ᠢᠶᠠᠨ ᠤᠯᠠᠮᠵᠢᠯᠠᠨ ᠬᠠᠮᠠᠭᠠᠯᠠᠬᠤ ᠲᠥᠪ ︾  ‍ᠣᠨ ᠭᠣᠣᠯ ᠰᠡᠳᠦᠪᠲᠦ ᠳᠠᠭᠤᠤ ᠪᠡᠷ ᠡᠯᠰᠡᠭᠳᠡᠨ ᠬᠡᠷᠡᠭᠯᠡᠭᠳᠡᠵᠦ ᠪᠠᠢᠨ᠎ᠠ ︵2017 ᠣᠨ   ᠠᠴᠠ ᠣᠳᠣ ᠪᠣᠯᠲᠠᠯ᠎ᠠ ︶ ᠬᠣᠵᠢᠮ ᠨᠡᠩ ᠢᠯᠡᠭᠦᠦ ᠴᠢᠷᠮᠠᠢᠨ ᠂ ᠤᠷᠠᠨ ᠵᠣᠬᠢᠶᠠᠯ ︵ ᠨᠠᠢᠷᠠᠭᠤᠯᠤᠯ ︶ ᠮᠣᠩᠭᠤᠯ ᠵᠦᠴᠦᠭᠡ  ᠶᠢᠨ ᠵᠣᠬᠢᠶᠠᠯ ᠂ ᠳᠠᠭᠤᠤ  ᠶᠢᠨ ᠦᠭᠡ ᠪᠠᠨ ᠰᠠᠢᠲᠤᠷ ᠴᠢᠨᠠᠷᠯᠢᠭ ᠪᠢᠴᠢᠵᠦ ᠬᠣᠰᠢᠭᠤ ᠨᠤᠲᠤᠭ ᠂ ᠮᠣᠩᠭᠤᠯ ᠦᠨᠳᠦᠰᠦᠲᠡᠨ  ‍ᠣ ᠰᠣᠶᠤᠯ  ‍ᠣᠨ ᠬᠥᠭᠵᠢᠯᠲᠡ  ‍ᠳ᠋ᠣ ᠬᠦᠴᠦ ᠪᠠᠨ ᠡᠷᠭᠦᠬᠦ ᠪᠡᠷ ᠰᠢᠮᠳᠠᠨ ᠰᠤᠷᠴᠤ ᠰᠤᠳᠤᠯᠤᠨ ᠂ ᠪᠦᠲᠦᠭᠡᠯ  ᠢᠶᠠᠨ ᠭᠢᠯᠠᠷᠠᠭᠤᠯᠤᠶ᠎ᠠ ᠃ ᠬᠦᠷᠢᠶ᠎ᠡ ᠬᠣᠰᠢᠭᠤᠨ  ‍ᠣ ᠨᠢᠭᠡᠳᠦᠭᠡᠷ ᠳᠤᠮᠳᠠᠳᠤ ᠰᠤᠷᠭᠠᠭᠤᠯᠢ  ‍ᠣᠨ ᠠᠵᠢᠯ  ‍ᠣᠨ ᠠᠮᠠᠷᠠᠯᠲᠠ ᠪᠠᠨ ᠠᠪᠤᠭᠰᠠᠨ ᠪᠠᠭᠰᠢ ︱ ᠨᠠᠷᠠᠩᠭᠤᠸ᠎ᠠ 13948751123