ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠡᠰ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠡᠰ︵1955.2.4 ︶ ᠬᠥᠪᠡᠭᠡᠲᠦ ᠰᠢᠷ᠎ᠠ ᠬᠣᠰᠢᠭᠤᠨ ᠤ᠋ ᠣᠣᠯ ᠤᠨ ᠨᠠᠷᠠᠨ ᠠᠭᠤᠯᠠ ᠰᠤᠮᠤᠨ ‍ᠣ ᠬᠠᠳᠠᠨᠬᠣᠰᠢᠭᠤ ᠪᠠᠭ ᠤᠨ ᠲᠡᠰᠬᠢᠳᠤ ᠬᠡᠮᠡᠬᠦ ᠨᠤᠲᠤᠭ ᠲᠤ᠌ ᠂ ᠬᠠᠰᠢᠶᠠᠯᠠᠳ ᠤᠨ ᠬᠣᠲᠠᠳ ᠣᠪᠤᠬᠳᠠᠨ ᠡᠩᠬᠡᠪᠥ᠋ᠷᠢᠨ ᠂ ᠬᠡᠷᠡᠢᠳ ᠣᠪᠤᠬᠳᠠᠨ ᠷᠢᠩᠴᠢᠮ᠎ᠠ ᠶᠢᠨ ᠲᠠᠪᠤᠨ ᠬᠡᠦᠬᠡᠳ ᠦ᠋ᠨ ᠳᠤᠮᠳᠠᠬᠢ ᠨᠢ ᠪᠣᠯᠵᠤ ᠵᠠᠶᠠᠭᠠᠵᠠᠢ ᠃ ᠬᠥᠪᠡᠭᠡᠲᠦ ᠰᠢᠷ᠎ᠠ ᠬᠣᠰᠢᠭᠤᠨ ᠤ᠋ ᠵᠠᠰᠠᠭ ᠤᠨ ᠣᠷᠳᠤᠨ ᠤ ᠵᠣᠴᠢᠯᠠᠬᠤ ᠭᠠᠵᠠᠷ ᠤᠨ ᠵᠠᠬᠢᠷᠤᠯ ᠪᠠ ᠬᠣᠰᠢᠭᠤ ᠤᠳᠭ᠎ᠠ ᠤᠷᠠᠯᠢᠭ ᠤᠨ ᠬᠢᠨ ᠦ ᠬᠣᠯᠪᠤᠭ᠎ᠠ ᠶ᠋ᠢᠨ ᠳᠡᠳ᠋ ᠲᠡᠷᠢᠭᠥᠯᠥᠭᠴᠢ ᠶᠢᠨ ᠲᠤᠰᠢᠶᠠᠯ ᠳ᠋ᠤ᠌ ᠠᠵᠢᠯᠯᠠᠵᠤ ᠪᠠᠢᠪᠠ ᠃ ᠲᠡᠷᠡ ᠪᠡᠷ ᠂1977 ᠣᠨ ‍ᠣ 3 ᠰᠠᠷ᠎ᠠ ᠶᠢᠨ 31 ᠳ᠋ᠦ ︽ ᠪᠥᠬᠥ ᠣᠷᠤᠨ ᠤ ᠠᠵᠢᠯ ᠤᠨ ᠴᠢᠯᠥᠭᠡᠨ ᠦ ᠤᠷᠠᠯᠢᠬᠴᠢᠳ ᠤᠨ ᠬᠠᠷᠢᠭᠤ ᠮᠡᠳᠡᠭᠦᠯᠦᠯᠲᠡ ᠶ᠋ᠢᠨ ᠲᠣᠬᠯᠠᠯᠳᠠ  ︾ ᠳ᠋ᠤ ᠥᠪᠡᠷ ᠦᠨ ᠪᠦᠲᠦᠭᠡᠯ ︽ ᠬᠣᠣᠰ ᠪᠠᠶᠠᠷ ︾ ᠬᠡᠮᠡᠬᠦ ᠬᠣᠯᠪᠤᠭ᠎ᠠ  ‍ᠪᠠᠨ ᠥᠪᠡᠷ ᠢᠶᠡᠨ ᠬᠡᠯᠡᠵᠦ ᠥᠪᠦᠷ ᠮᠣᠩᠭᠤᠯ ᠤ᠋ᠨ ︽ ᠤᠯᠠᠭᠠᠨ ᠲᠢᠶᠠᠲ᠋ᠷ ︾ ᠲᠤ ᠲᠤᠬᠯᠠᠬᠰᠠᠨ  ᠠᠴᠠ ᠨᠠᠰᠢ ᠰᠢᠯᠦᠭ ᠂ ᠥᠭᠦᠯᠡᠯᠭᠡ ᠂ ᠨᠠᠢᠷᠠᠭᠤᠯᠤᠯ ᠂ ᠱᠣᠭ ᠶᠠᠷᠢᠶ᠎ᠠ ᠂ ᠳᠠᠭᠤᠤ ᠶ᠋ᠢᠨ ᠦᠭᠡ ᠂ ᠰᠢᠭᠦᠮᠵᠢ ᠥᠭᠦᠯᠡᠯ ᠵᠢᠴᠢ ᠲᠡᠦᠬᠡ ᠰᠣᠶᠤᠯ ᠤ᠋ᠨ ᠲᠤᠬᠠᠢ ᠡᠮᠬᠢᠳᠭᠡᠯ ᠪᠣᠯᠤᠨ ᠭᠡᠷᠡᠯ ᠵᠢᠷᠤᠭ ᠵᠡᠷᠭᠡ ᠭᠤᠷᠪᠠᠨ ᠵᠠᠭᠤ ᠭᠠᠷᠤᠢ ᠵᠣᠬᠢᠶᠠᠯ ᠪᠦᠲᠦᠭᠡᠯ ᠢ᠋ᠶ᠋ᠡᠨ ᠡ‍ ᠂ ᠰᠣᠳᠨᠠᠮ ᠂ ᠡ‍ ᠂ ᠰᠣᠳᠨᠠᠮᠫᠸᠯᠵᠢ ᠂ ᠡᠰ ᠵᠡᠷᠭᠡ ᠨᠡᠷ᠎ᠡ ᠪᠡᠷ ᠣᠷᠤᠨ ᠂ ᠠᠢᠮᠠᠭ ᠂ ᠬᠣᠰᠢᠭᠤᠨ ᠤ᠋ ᠰᠣᠨᠢᠨ ᠰᠡᠳᠭᠦᠯ ᠳ᠋ᠦ᠍ ᠨᠡᠢᠲᠡᠯᠡᠭᠦᠯᠦᠭᠰᠡᠨ ᠪᠤᠶᠤ ᠷᠠᠳᠠᠤ‍ ᠲᠧᠯᠸᠢᠰ ᠢ᠋ᠶ᠋ᠡᠷ ᠨᠡᠪᠲᠡᠷᠡᠭᠦᠯᠵᠦ ᠥᠩᠭᠡᠷᠡᠵᠡᠢ ᠃ ᠵᠠᠷᠢᠮ ᠪᠦᠲᠦᠭᠡᠯ ᠨᠢ ᠣᠷᠤᠨ ᠠᠢᠮᠠᠭ ᠤ᠋ᠨ ᠱᠠᠩᠨᠠᠯ ᠬᠥᠬᠢᠭᠦᠯᠦᠯ ᠢ᠋ ᠭᠠᠷᠳᠠᠪᠠ ᠃ ᠵᠣᠬᠢᠶᠠᠯ ᠪᠦᠲᠦᠭᠡᠯ ᠦ᠋ᠳ ᠨᠢ ︽ ᠬᠣᠶᠠᠳᠤᠭᠠᠷ ᠵᠠᠭᠤᠨ ᠤ ᠳᠤᠮᠳᠠᠳᠤ ᠤᠯᠤᠰ ᠤᠨ ᠮᠣᠩᠭᠤᠯ ᠤᠷᠠᠨ ᠵᠣᠬᠢᠶᠠᠯ ᠤ᠋ᠨ ᠰᠡᠳᠭᠦᠯ ᠦ᠋ᠨ ᠳᠡᠭᠡᠵᠢ ᠪᠢᠴᠢᠭ ︾ ᠵᠡᠷᠭᠡ ᠨᠣᠮ ᠪᠢᠴᠢᠭ ᠨᠤᠭᠦᠳ ᠢ᠋ᠶ᠋ᠡᠷ ᠰᠣᠩᠭᠤᠭᠳᠠᠨ ᠣᠷᠤᠵᠤ ᠂ ᠵᠠᠷᠢᠮ ᠪᠦᠲᠦᠭᠡᠯ ᠦ᠋ᠳ ᠨᠢ ᠬᠢᠲᠠᠳ ᠬᠡᠯᠡᠨ᠎ᠡ ᠣᠷᠴᠢᠭᠤᠯᠤᠭᠳᠠᠨ ᠬᠡᠪᠯᠡᠭᠳᠡᠪᠡ ᠃ ᠣᠳᠤ ᠂ ︽ ᠬᠥᠪᠡᠭᠡᠲᠦ ᠰᠢᠷ᠎ᠠ ᠬᠣᠰᠢᠭᠤᠨ ᠤ᠋  ᠠᠰᠠᠷ ᠢᠵᠠᠭᠤᠷ ᠬᠥᠭᠵᠢᠮ ᠦᠨ ᠨᠡᠢᠭᠡᠮᠯᠢᠭ ᠦ᠋ᠨ ᠨᠠᠷᠢᠨ ᠪᠢᠴᠢᠭ ᠦ᠋ᠨ ᠳᠠᠷᠤᠭ᠎ᠠ ᠪᠠᠷ ᠠᠵᠢᠯᠯᠠᠵᠤ ᠪᠤᠢ ᠃