ᠨᠡᠷ᠎ᠡ:
ᠪᠠ ᠂ ᠴᠠᠭᠠᠨᠬᠡᠦᠬᠡᠨ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠨᠡᠷ᠎ᠡ ᠂ ᠴᠠᠭᠠᠨᠬᠡᠦᠬᠡᠨ ᠂ ᠪᠢᠷ ᠦᠨ ᠨᠡᠷ᠎ᠡ ᠂ ᠪᠠ ᠂ · ᠴᠠᠭᠠᠨ ᠪᠠ ᠂ · ᠴᠠᠭᠠᠨᠬᠡᠦᠬᠡᠨ ᠃ 1954 ᠣᠨ ᠥ 4 ᠳᠦᠭᠡᠷ ᠰᠠᠷ᠎ᠠ ᠶᠢᠨ12 ᠣᠨ ᠡᠳᠦᠷ ᠂ ᠬᠠᠩᠭᠢᠨ ᠬᠣᠰᠢᠭᠤᠨ ᠣ ᠬᠥᠬᠡᠮᠣᠳᠤ ᠰᠤᠮᠤᠨ ᠣ ᠪᠠᠶᠠᠨ᠋ᠤ᠋ᠰᠤ ᠭᠠᠴᠠᠭᠠᠨ ᠳ᠋ᠣ ᠲᠥᠷᠦᠵᠡᠢ ᠃ ᠥᠪᠦᠷ ᠮᠣᠩᠭᠤᠯ ᠣᠨ ᠪᠠᠭᠰᠢ ᠶᠢᠨ ᠶᠡᠬᠡ ᠰᠤᠷᠭᠠᠭᠤᠯᠢ ᠶᠢᠨ ᠮᠣᠩᠭᠤᠯ ᠬᠡᠯᠡ ᠤᠳᠭ᠎ᠠ ᠵᠣᠬᠢᠶᠠᠯ ᠣᠨ ᠰᠠᠯᠪᠤᠷᠢ ᠠᠴᠠ ᠲᠡᠭᠦᠰᠪᠡ ᠃ ᠳᠡᠭᠡᠳᠦ ᠵᠡᠷᠭᠡ ᠶᠢᠨ ᠯᠸᠺᠲ᠋ᠣᠷ ᠃ ᠥᠪᠦᠷ ᠮᠣᠩᠭᠤᠯ ᠣᠨ ᠦᠨᠳᠦᠰᠦᠲᠡᠨ ᠥ ᠴᠡᠴᠡᠷᠯᠢᠭ ᠦᠨ ᠪᠠᠭᠰᠢ ᠶᠢᠨ ᠲᠤᠰᠭᠠᠢ ᠮᠡᠷᠭᠡᠵᠢᠯ ᠦᠨ ᠳᠡᠭᠡᠳᠦ ᠰᠤᠷᠭᠠᠭᠤᠯᠢ ᠳ᠋ᠣ ᠪᠠᠭᠰᠢᠯᠠᠵᠤ ᠪᠠᠢᠭᠠᠳ ᠠᠵᠢᠯ ᠠᠴᠠ ᠪᠠᠨ ᠠᠮᠠᠷᠠᠵᠠᠢ ᠃ ︽ ᠪᠠᠭ᠎ᠠ ᠰᠤᠷᠭᠠᠭᠤᠯᠢ ᠶᠢᠨ ᠰᠤᠷᠤᠭᠴᠢᠳ ᠣᠨ ᠲᠣᠭᠠᠨ ᠣ ᠤᠬᠠᠭᠠᠨ ᠣ ᠲᠣᠯᠢ ︾ ᠂ ︽ ᠪᠠᠭ᠎ᠠ ᠰᠤᠷᠭᠠᠭᠤᠯᠢ ᠶᠢᠨ ᠰᠤᠷᠤᠭᠴᠢᠳ ᠣᠨ ᠮᠣᠩᠭᠤᠯ ᠬᠡᠯᠡᠨ ᠥ ᠲᠣᠯᠢ ︾ ᠂ ︽ ᠳᠤᠮᠳᠠᠳᠤ ᠰᠤᠷᠭᠠᠭᠤᠯᠢ ᠶᠢᠨ ᠰᠤᠷᠤᠭᠴᠢᠳ ᠣᠨ ᠲᠣᠭᠠᠨ ᠣ ᠤᠬᠠᠭᠠᠨ ᠣ ᠲᠣᠯᠢ ︾ ᠂ ︽ ᠠᠮᠢᠳᠤᠷᠠᠯ ᠣᠨ ᠬᠡᠷᠡᠭᠯᠡᠭᠡᠨ ᠥ ᠭᠠᠷ ᠳᠡᠪᠲᠡᠷ ︾ ᠂ ︽ ᠰᠢᠳᠢᠲᠦ ᠴᠠᠮᠴᠠ ︾ ᠂ ︽ ᠮᠣᠷᠢᠨ ᠴᠠᠭᠠᠨ ᠰᠤᠪᠤᠳ ︾ ᠂ ︽ ᠥᠨᠦᠴᠢᠨ ᠬᠦᠦ ᠶᠢᠨ ᠳᠣᠮᠣᠭ ︾ ᠂ ︽ ᠬᠠᠷ᠎ᠠ ᠦᠬᠡᠷᠲᠦ ᠬᠥᠪᠡᠭᠦᠨ ᠥ ᠦᠯᠢᠭᠡᠷ ︾ ᠂ ︽ ᠭᠠᠷᠤᠳᠢ ᠬᠦᠦ ᠶᠢᠨ ᠦᠯᠢᠭᠡᠷ ︾ ᠂ ︽ ᠪᠠᠭᠠᠴᠤᠳ ᠬᠡᠦᠬᠡᠳ ᠦᠨ ᠰᠣᠨᠢᠷᠬᠠᠯᠲᠤ ᠥᠯᠢᠭᠡᠷ ︾ ᠪᠠ ᠬᠢᠴᠢᠶᠡᠯ ᠣᠨ ᠪᠢᠴᠢᠭ ︽ ᠴᠡᠴᠡᠷᠯᠢᠭ ᠦᠨ ᠬᠡᠦᠬᠡᠳ ᠲᠥ ᠦᠭᠡ ᠵᠢᠭᠠᠬᠤ ᠠᠷᠭ᠎ᠠ ︾ ᠂ ︽ ᠮᠣᠩᠭᠤᠯᠴᠤᠳ ᠣᠨ ᠠᠮᠠᠨ ᠦᠯᠢᠭᠡᠷ ︾ ᠂ ︽ ᠮᠣᠩᠭᠤᠯᠴᠤᠳ ᠣᠨ ᠦᠯᠢᠭᠡᠷ ᠳᠣᠮᠣᠭ ︾ ᠂ ︽ ᠮᠣᠩᠭᠤᠯ ᠤᠯᠠᠮᠵᠢᠯᠠᠯᠲᠤ ᠣᠨᠢᠰᠤᠭ᠎ᠠ ᠶᠢᠨ ᠲᠣᠯᠢ ︾ ᠂ ︽ ᠭᠡᠷ ᠦᠨ ᠴᠠᠳᠢᠭ ︾ ᠭᠡᠬᠦ ᠮᠡᠲᠦ ᠠᠷᠪᠠᠨ ᠲᠠᠪᠤᠨ ᠳᠡᠪᠲᠡᠷ ᠨᠣᠮ ᠲᠠᠢ ᠃ ᠲᠤᠰ ᠬᠢᠴᠢᠶᠡᠯ ᠣᠨ ᠪᠢᠴᠢᠭ ᠨᠢ ᠤᠯᠤᠰ ᠣᠨ ᠬᠣᠶᠠᠳᠤᠭᠠᠷ ᠲᠡᠰ ᠦᠨ ᠱᠠᠩᠨᠠᠯ ᠢ ᠣᠯᠵᠠᠢ ᠃ 1980 ᠣᠨ ᠳ᠋ᠣ ︽ ᠲᠠᠪᠤᠨ ᠮᠥᠩᠭᠦ ︾ ᠭᠡᠬᠦ ᠤᠤᠭᠠᠨ ᠵᠣᠬᠢᠶᠠᠯ ᠢᠶᠠᠨ ︽ ᠣᠷᠳᠤᠰ ᠣᠨ ᠰᠣᠨᠢᠨ ︾ ᠳᠡᠭᠡᠷ᠎ᠡ ᠨᠡᠢᠲᠡᠯᠡᠭᠦᠯᠪᠡ ᠃ ᠲᠤᠰ ᠵᠣᠬᠢᠶᠠᠯ ᠨᠢ ᠲᠠᠪᠤᠳᠤᠭᠠᠷ ᠬᠤᠭᠤᠴᠠᠭᠠᠨ ᠣ ᠣᠷᠳᠤᠰ ᠤᠳᠭ᠎ᠠ ᠤᠷᠠᠯᠢᠭ ᠣᠨ ᠵᠣᠬᠢᠶᠠᠯ ᠪᠦᠲᠦᠭᠡᠯ ᠦᠨ ᠰᠢᠯᠭᠠᠷᠠᠭᠤᠯᠤᠯᠲᠠ ᠳ᠋ᠣ ᠨᠢᠭᠡᠳᠦᠭᠡᠷ ᠲᠡᠰ ᠦᠨ ᠱᠠᠩᠨᠠᠯ ᠣᠯᠵᠠᠢ ᠃ ︽ ᠵᠤᠯᠵᠠᠭᠠᠨ ᠨᠠᠷᠠᠰᠤ ︾ ᠂ ︽ ᠬᠠᠲᠤᠨ ᠭᠣᠣᠯ ᠮᠢᠨᠤ ᠨᠤᠲᠤᠭ ︾ ᠂ ︽ ᠮᠠᠷᠲᠠᠮᠠᠲᠠᠭᠠᠢ ᠬᠦᠦ ︾ ᠂ ︽ ᠲᠥᠭᠡ ᠲᠥᠭᠡ ᠡᠪᠦᠭᠡᠨ ︾ ᠂ ︽ ᠣᠳᠬᠤᠨ ᠬᠡᠦᠬᠡᠨ ︾ ᠂ ︽ ᠱᠣᠭ ᠬᠣᠱᠤᠩ ᠦᠯᠢᠭᠡᠷ ᠥᠳ ︾ ᠂ ︽ ᠠᠯᠲᠠᠨ ᠬᠠᠷᠢᠶᠠᠴᠠᠢ ᠶᠢᠨ ᠶᠡᠬᠡ ᠬᠡᠯᠡᠯᠴᠡᠭᠡᠨ ︾ ᠵᠡᠷᠭᠡ ᠰᠢᠯᠦᠭ ᠂ ᠳᠠᠭᠤᠤ ᠂ ᠦᠯᠢᠭᠡᠷ ᠥᠳ ᠢᠶᠡᠨ ᠡᠯ᠎ᠡ ᠱᠠᠲᠤᠨ ᠣ ᠰᠣᠨᠢᠨ ᠰᠡᠳᠭᠦᠯ ᠨᠣᠮ ᠳ᠋ᠣ ᠨᠡᠢᠲᠡᠯᠡᠭᠦᠯᠵᠡᠢ ᠃ ︽ ᠠᠯᠲᠠᠨ ᠬᠠᠷᠢᠶᠠᠴᠠᠢ ᠶᠢᠨ ᠶᠡᠬᠡ ᠬᠡᠯᠡᠯᠴᠡᠭᠡᠨ ︾ ᠪᠠ ︽ ᠱᠣᠭ ᠬᠣᠱᠤᠩ ᠦᠯᠢᠭᠡᠷ ᠥᠳ ︾ ᠨᠢ ᠲᠤᠰ ᠲᠤᠰ ᠣᠷᠳᠤᠰ ᠵᠣᠬᠢᠶᠠᠯ ᠪᠦᠲᠦᠭᠡᠯ ᠦᠨ ᠱᠠᠩᠨᠠᠯ ᠣᠯᠵᠠᠢ ᠃ ︽ ᠪᠠᠭ᠎ᠠ ᠰᠤᠷᠭᠠᠭᠤᠯᠢ ᠶᠢᠨ ᠳᠣᠣᠷ᠎ᠠ ᠣᠨ ᠳ᠋ᠣ ᠬᠦᠨᠳᠦ ᠦᠭᠡᠰ ᠵᠢᠭᠠᠭᠰᠠᠨ ᠣᠶᠢᠯᠠᠭᠠᠯᠲᠠ ︾ ᠂ ︽ ᠤᠭ ᠳᠦᠷᠰᠦ ᠶᠢ ᠵᠢᠭᠠᠬᠤ ᠲᠤᠬᠠᠢ ᠰᠦᠪᠡᠭᠴᠢᠯᠡᠯ ︾ ᠂ ︽ ᠴᠠᠬᠢᠯᠭᠠᠨᠴᠢᠯᠠᠭᠰᠠᠨ ᠠᠷᠭ᠎ᠠ ᠪᠠᠷᠢᠯ ᠢ ᠬᠡᠯᠡ ᠪᠢᠴᠢᠭ ᠦᠨ ᠬᠢᠴᠢᠶᠡᠯᠯᠡᠭᠡ ᠳ᠋ᠥ ᠬᠡᠷᠡᠭᠯᠡᠬᠦ ᠲᠤᠬᠠᠢ ︾ ᠂ ︽ ᠪᠠᠭᠠᠴᠤᠳ ᠬᠡᠦᠬᠡᠳ ᠦᠨ ᠶᠠᠯ᠎ᠠ ᠬᠢᠬᠦ ᠪᠠ ᠭᠡᠷ ᠪᠦᠯᠢ ᠶᠢᠨ ᠬᠥᠮᠦᠵᠢᠯ ︾ ᠂ ︽ ᠪᠠᠭ᠎ᠠ ᠰᠤᠷᠭᠠᠭᠤᠯᠢ ᠶᠢᠨ ᠬᠡᠯᠡ ᠪᠢᠴᠢᠭ ᠵᠢᠭᠠᠬᠤ ᠠᠷᠭ᠎ᠠ ᠶᠢᠨ ᠬᠢᠴᠢᠶᠡᠯᠯᠡᠭᠡ ᠳ᠋ᠥ ᠰᠤᠷᠤᠭᠴᠢᠳ ᠣᠨ ᠳᠤᠷ᠎ᠠ ᠰᠣᠨᠢᠷᠬᠠᠯ ᠢ ᠲᠠᠲᠠᠬᠤ ᠲᠤᠬᠠᠢ ︾ ᠂ ︽ ᠪᠠᠭᠰᠢ ᠶᠢᠨ ᠰᠤᠷᠭᠠᠭᠤᠯᠢ ᠶᠢᠨ ᠰᠤᠷᠤᠭᠴᠢᠳ ᠣᠨ ᠳᠠᠳᠤᠯᠭ᠎ᠠ ᠬᠢᠬᠦ ᠳ᠋ᠥ ᠴᠢᠬᠤᠯᠠᠴᠢᠯᠠᠨ ᠠᠳᠭᠤᠬᠤ ᠬᠡᠳᠦᠨ ᠵᠠᠩᠭᠢᠯᠠᠭ᠎ᠠ ᠶᠢᠨ ᠠᠰᠠᠭᠤᠳᠠᠯ ᠣᠨ ᠲᠤᠬᠠᠢ ᠥᠭᠦᠯᠡᠬᠦ ᠨᠢ ︾ ᠂ ︽ ᠴᠡᠴᠡᠷᠯᠢᠭ ᠦᠨ ᠪᠠᠭᠰᠢ ᠶᠢᠨ ᠰᠤᠷᠭᠠᠭᠤᠯᠢ ᠶᠢᠨ ᠰᠤᠷᠤᠭᠴᠢᠳ ᠣᠨ ᠦᠨᠳᠦᠰᠦᠨ ᠪᠣᠯᠪᠠᠰᠤᠷᠠᠯ ᠣᠨ ᠲᠤᠬᠠᠢ ᠥᠭᠦᠯᠡᠬᠦ ᠨᠢ ︾ ᠂ ︽ ᠬᠢᠴᠢᠶᠡᠯᠯᠡᠭᠡ ᠶᠢ ᠬᠢᠨᠠᠬᠤABC ︾ ᠂ ᠂ ᠂ ᠂ ᠵᠡᠷᠭᠡ ᠥᠭᠦᠯᠡᠯ ᠢ ᠪᠢᠴᠢᠵᠦ ᠨᠡᠢᠲᠡᠯᠡᠭᠦᠯᠪᠡ ᠃ ︽ ᠪᠠᠭ᠎ᠠ ᠰᠤᠷᠭᠠᠭᠤᠯᠢ ᠶᠢᠨ ᠬᠡᠯᠡ ᠪᠢᠴᠢᠭ ᠵᠢᠭᠠᠬᠤ ᠠᠷᠭ᠎ᠠ ᠶᠢᠨ ᠬᠢᠴᠢᠶᠡᠯᠯᠡᠭᠡ ᠳ᠋ᠥ ᠰᠤᠷᠤᠭᠴᠢᠳ ᠣᠨ ᠳᠤᠷ᠎ᠠ ᠰᠣᠨᠢᠷᠬᠠᠯ ᠢ ᠲᠠᠲᠠᠬᠤ ᠲᠤᠬᠠᠢ ︾ ᠥᠭᠦᠯᠡᠯ ᠨᠢ ᠪᠦᠬᠦ ᠣᠷᠤᠨ ᠣ ᠢᠳᠡᠷ ᠵᠠᠯᠠᠭᠤ ᠨᠠᠰᠤᠨ ᠣ ᠪᠠᠭᠰᠢ ᠨᠠᠷ ᠣᠨ ᠥᠭᠦᠯᠡᠯ ᠦᠨ ᠰᠢᠯᠭᠠᠷᠠᠭᠤᠯᠤᠯᠲᠠ ᠳ᠋ᠣ ᠭᠤᠷᠪᠠᠳᠤᠭᠠᠷ ᠲᠡᠰ ᠦᠨ ᠱᠠᠩᠨᠠᠯ ᠣᠯᠵᠠᠢ ᠃ ︽ ᠪᠠᠭᠰᠢ ᠶᠢᠨ ᠰᠤᠷᠭᠠᠭᠤᠯᠢ ᠶᠢᠨ ᠰᠤᠷᠤᠭᠴᠢᠳ ᠣᠨ ᠳᠠᠳᠤᠯᠭ᠎ᠠ ᠬᠢᠬᠦ ᠳ᠋ᠥ ᠴᠢᠬᠤᠯᠠᠴᠢᠯᠠᠨ ᠠᠳᠭᠤᠬᠤ ᠬᠡᠳᠦᠨ ᠵᠠᠩᠭᠢᠯᠠᠭ᠎ᠠ ᠶᠢᠨ ᠠᠰᠠᠭᠤᠳᠠᠯ ᠣᠨ ᠲᠤᠬᠠᠢ ᠥᠭᠦᠯᠡᠬᠦ ᠨᠢ ︾ ᠭᠡᠳᠡᠭ ᠥᠭᠦᠯᠡᠯ ᠨᠢ ᠶᠡᠬᠡ ᠵᠤᠤ ᠠᠢᠮᠠᠭ ᠪᠠ ᠥᠪᠦᠷ ᠮᠣᠩᠭᠤᠯ ᠣᠨ ᠥᠪᠡᠷᠲᠡᠭᠡᠨ ᠵᠠᠰᠠᠬᠤ ᠣᠷᠤᠨ ᠣ ᠰᠤᠷᠭᠠᠨ ᠬᠥᠮᠦᠵᠢᠯ ᠦᠨ ᠨᠡᠢᠭᠡᠮᠯᠢᠭ ᠦᠨ ᠡᠷᠳᠡᠮ ᠰᠢᠨᠵᠢᠯᠡᠭᠡᠨ ᠥ ᠥᠭᠦᠯᠡᠯ ᠦᠨ ᠰᠢᠯᠭᠠᠷᠠᠭᠤᠯᠤᠯᠲᠠ ᠳ᠋ᠣ ᠲᠤᠰ ᠲᠤᠰ ᠨᠢᠭᠡᠳᠦᠭᠡᠷ ᠂ ᠬᠣᠶᠠᠳᠤᠭᠠᠷ ᠲᠡᠰ ᠦᠨ ᠱᠠᠩᠨᠠᠯ ᠣᠯᠵᠠᠢ ᠃ ︽ ᠬᠠᠲᠤᠨ ᠭᠣᠣᠯ ᠮᠢᠨᠤ ᠨᠤᠲᠤᠭ ︾ ᠂ ︽ ᠡᠵᠢ ᠪᠠ ᠪᠠᠭᠰᠢ ︾ ᠂ ︽ ᠢᠮᠠᠭ᠎ᠠ ᠮᠢᠨᠢ ︾ ᠂ ︽ ᠬᠥᠮᠦᠨ ᠥ ᠠᠮᠢᠳᠤᠷᠠᠯ ᠣᠨ ᠵᠠᠮ ︾ ᠭᠡᠬᠦ ᠮᠡᠲᠦ ᠶᠢᠨ ᠳᠠᠭᠤᠤ ᠵᠦᠴᠦᠭᠡ ᠵᠣᠬᠢᠶᠠᠵᠤ ᠂ ᠥᠪᠡᠷ ᠢᠶᠡᠨ ᠳᠠᠭᠤᠯᠠᠵᠤ ᠵᠠᠷᠢᠮ ᠢ ᠨᠢ ᠦᠷ᠎ᠡ ᠬᠡᠦᠬᠡᠳ ᠢᠶᠡᠨ ᠳᠠᠢᠴᠢᠯᠠᠨ ᠭᠤᠷᠪᠠᠨ ᠦᠶ᠎ᠡ ᠪᠡᠷ ᠢᠶᠡᠨ ᠲᠣᠭᠯᠠᠵᠤ ᠂ ᠬᠣᠲᠠ ᠂ ᠲᠣᠭᠣᠷᠢᠭ ᠣᠨ ᠲᠡᠰ ᠦᠨ ᠱᠠᠩᠨᠠᠯ ᠢ ᠲᠤᠰ ᠲᠤᠰ ᠣᠯᠵᠠᠢ ᠃ ᠳᠥᠴᠢᠭᠡᠳ ᠵᠢᠯ ᠦᠨ ᠲᠤᠷᠰᠢ ᠦᠨᠳᠦᠰᠦᠲᠡᠨ ᠥ ᠰᠤᠷᠭᠠᠨ ᠬᠥᠮᠦᠵᠢᠯ ᠣᠨ ᠦᠢᠯᠡᠰ ᠲᠥ ᠵᠢᠳᠭᠦᠨ ᠠᠵᠢᠯᠯᠠᠬᠤ ᠶᠢᠨ ᠳᠠᠭᠠᠤ ᠮᠢᠩᠭᠠᠭᠠᠳ ᠲᠦᠮᠡᠨ ᠦᠰᠦᠭ ᠦᠨ ᠵᠣᠬᠢᠶᠠᠯ ᠪᠦᠲᠦᠭᠡᠯ ᠭᠠᠷᠭᠠᠭᠰᠠᠨ ᠲᠤᠯᠠ ︽ ᠳᠤᠮᠳᠠᠳᠤ ᠤᠯᠤᠰ ᠣᠨ ᠮᠣᠩᠭᠤᠯ ᠦᠨᠳᠦᠰᠲᠡᠨ ᠣ ᠣᠳᠣ ᠦᠶ᠎ᠡ ᠶᠢᠨ ᠰᠤᠷᠭᠠᠨ ᠬᠥᠮᠦᠵᠢᠯ ᠣᠨ ᠵᠢᠳᠭᠦᠯᠲᠡᠳ ᠣᠨ ᠲᠤᠮᠤ ᠲᠣᠯᠢ ︾ ᠵᠡᠷᠭᠡ ᠤᠯᠤᠰ ᠪᠠ ᠳᠡᠯᠡᠬᠡᠢ ᠶᠢᠨ ᠴᠢᠨᠠᠷᠲᠠᠢ ᠲᠣᠮᠣ ᠬᠡᠯᠪᠡᠷᠢ ᠶᠢᠨ ᠲᠣᠯᠢ ᠪᠢᠴᠢᠭ ᠦ᠋ᠳ ᠲᠦ᠍ ᠰᠣᠩᠭᠤᠭᠳᠠᠨ ᠣᠷᠤᠵᠠᠢ ᠃ 通信地址:查干胡很 鄂尔多斯市康巴什区 园丁南区10号楼702 邮箱:34 手机:15326930881 单位:内蒙古民族幼儿师范高等专科学校 QQ:1542212032
Copyight 2016 by nmgmzw.gov.cn All Rights Reserved