ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠠ‍ ᠂ ᠱᠢᠷᠥᠨᠴᠢᠮᠡᠭ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠠ‍ ᠂ ᠱᠢᠷᠥᠨᠴᠢᠮᠡᠭ ︵1959.12.14 ︶ ᠬᠥᠪᠡᠭᠡᠲᠦ ᠰᠢᠷ᠎ᠠ ᠬᠣᠰᠢᠭᠤᠨ ᠤ᠋ ᠤᠤᠯ ᠤᠨ ᠪᠠᠶᠠᠨᠲᠠᠯ᠎ᠠ ᠨᠢᠭᠡᠳᠦᠯ ᠦ᠋ᠨ ᠬᠠᠨ᠎ᠠ ᠠᠭᠤᠯᠠ ᠪᠠᠷᠢᠭᠠᠳᠠ ᠶᠢᠨ ᠡᠩᠭᠡᠷ ᠲᠣᠯᠣᠭᠠᠨ ᠬᠤᠳᠳᠤᠭ ᠬᠡᠮᠡᠬᠦ ᠨᠤᠲᠤᠭ ᠲᠤ᠌ ᠤᠷᠢᠶᠠᠩᠬᠠᠢ ᠣᠪᠤᠭ ᠤ᠋ᠨ ᠵᠢᠪᠬᠤᠯᠠᠩᠲᠠᠢ ᠶ᠋ᠢᠨ ᠪᠠᠯᠳᠤᠷᠵᠢ ᠂ ᠥᠭᠡᠯᠡᠳ ᠣᠪᠤᠭ ᠤ᠋ᠨ ᠴᠢᠷᠮ᠎ᠠ ᠬᠤᠶᠠᠷ ᠤᠨ ᠲᠠᠪᠤᠳᠤᠭᠠᠷ ᠥᠬᠢᠨ ᠨᠢ ᠪᠣᠯᠵᠤ ᠵᠠᠶᠠᠭᠠᠵᠠᠢ ᠃ ᠭᠤᠴᠢ ᠭᠠᠷᠤᠢ ᠵᠢᠯ ᠪᠠᠭᠰᠢ ᠶᠢᠨ ᠠᠯᠪᠠ ᠲᠠᠢ ᠶᠠᠪᠤᠬᠰᠠᠨ ᠲᠡᠷᠨ 1981 ᠣᠨ ᠳ᠋ᠤ᠌ ︽ ᠬᠣᠩᠰᠢᠶᠠᠷ ︾ ᠬᠡᠮᠡᠬᠦ ᠤᠤᠭᠠᠨ ᠰᠢᠯᠦᠭ ᠢ᠋ᠶ᠋ᠡᠨ ︽ ᠰᠢᠯᠢ ᠶᠢᠨ ᠭᠣᠣᠯ ︾ ᠰᠡᠳᠭᠦᠯ ᠳ᠋ᠦ᠍ ᠨᠡᠢᠲᠡᠯᠡᠭᠦᠯᠦᠭᠰᠡᠨ ᠡᠴᠡ ᠨᠠᠭᠠᠰᠢ ︽ ᠬᠠᠢᠷ᠎ᠠ ᠶ᠋ᠢᠨ ᠬᠡᠯᠬᠢᠶ᠎ᠡ ︾ ᠬᠡᠮᠡᠬᠦ ᠲᠤᠭᠤᠵᠢ ᠬᠢᠭᠡᠳ ᠥᠭᠦᠯᠡᠯᠭᠡ ᠂ ᠨᠠᠢᠷᠠᠭᠤᠯᠤᠯ ᠂ ᠰᠢᠯᠦᠭ ᠂ ᠱᠣᠭ ᠶᠠᠷᠢᠶ᠎ᠠ ᠂ ᠵᠦᠴᠦᠭᠡ ᠂ ᠰᠢᠭᠦᠮᠵᠢ ᠥᠭᠦᠯᠡᠯ ᠵᠡᠷᠭᠡ ᠣᠯᠠᠨ ᠰᠲ᠋ᠢᠯᠢ ᠶᠢᠨ ᠵᠠᠭᠤ ᠭᠠᠷᠤᠢ ᠵᠣᠬᠢᠶᠠᠯ ᠪᠦᠲᠦᠭᠡᠯ ᠢ᠋ᠶ᠋ᠡᠨ ᠣᠷᠤᠨ ᠠᠢᠮᠠᠭ ᠰᠣᠨᠢᠨ ᠰᠡᠳᠭᠦᠯ ᠳ᠋ᠦ᠍ ᠨᠡᠢᠲᠡᠯᠡᠭᠦᠯᠪᠡ ᠃ ᠵᠠᠷᠢᠮ ᠰᠢᠯᠦᠭ ᠂ ᠱᠣᠭ ᠶᠠᠷᠢᠶ᠎ᠠ ᠂ ᠵᠦᠴᠦᠭᠡ ᠂ ᠥᠭᠦᠯᠡᠯ ᠵᠡᠷᠭᠡ ᠨᠢ ᠣᠷᠤᠨ ᠂ ᠠᠢᠮᠠᠭ ᠂ ᠬᠣᠰᠢᠭᠤᠨ ᠤ᠋ ᠱᠠᠩᠨᠠᠯ ᠬᠥᠬᠢᠭᠦᠯᠦᠯ ᠢ᠋ ᠬᠦᠷᠲᠡᠵᠦ ᠂ ︽ ᠡᠵᠢ ᠪᠠ ᠪᠢ ︾ ᠬᠡᠮᠡᠬᠦ ᠰᠢᠯᠦᠭ ᠨᠢ ︽ ᠲᠣᠣᠺᠢᠥ‍ ᠭᠠᠳᠠᠭᠠᠳᠤ ᠬᠡᠯᠡᠨ ᠦ ᠶᠡᠬᠡ ᠰᠤᠷᠭᠠᠭᠤᠯᠢ ︾ ᠶᠢᠨ ᠮᠣᠩᠭᠤᠯ ᠬᠡᠯᠡ ᠪᠢᠴᠢᠭ ᠰᠤᠷᠬᠤ ᠨᠣᠮ ᠳ᠋ᠤ᠌ ᠰᠣᠩᠭᠤᠭᠳᠠᠨ ᠣᠷᠤᠵᠠᠢ ᠃ ᠴᠢᠩᠳᠣᠣ ᠬᠤᠳᠠ ᠶᠢᠨ ᠪᠦᠲᠦᠭᠡᠯᠴᠢ ᠪᠠᠭᠠᠴᠤᠳ ᠤ᠋ᠨ ᠤᠳᠭ᠎ᠠ ᠵᠣᠬᠢᠶᠠᠯ ᠤᠷᠠᠯᠢᠭ ᠤᠨ ᠲᠥᠪ ᠡᠴᠡ ᠡᠷᠭᠢᠯᠡᠭᠰᠡᠨ 1996 ᠣᠨ ᠤ᠋ ︽ ᠳᠤᠮᠳᠠᠳᠤ ᠤᠯᠤᠰ ᠤᠨ ᠪᠦᠲᠦᠭᠡᠯᠴᠢ ᠪᠠᠭᠠᠴᠤᠳ ᠤ᠋ᠨ ᠤᠳᠭ᠎ᠠ ᠵᠣᠬᠢᠶᠠᠯ ᠤᠷᠠᠯᠢᠭ ᠤᠨ ᠭᠠᠢᠬᠠᠮᠰᠢᠭ ︾ ᠴᠤᠪᠤᠷᠠᠯ ᠨᠣᠮ ᠤ᠋ᠨ ᠣᠨᠴᠨ ᠤᠷᠢᠬᠰᠠᠨ ᠨᠠᠢᠷᠠᠭᠤᠯᠤᠭᠴᠢ ᠂ ︽ ᠰᠥᠩ ᠴᠢᠩ ᠯᠢᠩ ︾ ᠨᠡᠷᠡᠮᠵᠢᠲᠦ ᠵᠠᠯᠠᠭᠤ ᠪᠠᠭᠠᠴᠤᠳ ᠤ᠋ᠨ ᠤᠷᠠᠨ ᠵᠢᠷᠤᠭ ᠤᠨ ᠪᠥᠬᠥ ᠤᠯᠤᠰ ᠤᠨ ᠤᠷᠤᠯᠳᠤᠭᠠᠨ ᠪᠠ ︽ ᠠᠯᠳᠠᠨ ᠨᠠᠮᠤᠷ ︾ ᠨᠡᠷᠡᠮᠵᠢᠲᠦ ᠵᠠᠯᠠᠭᠤ ᠪᠠᠭᠠᠴᠤᠳ ᠤ᠋ᠨ ᠪᠥᠬᠥ ᠤᠯᠤᠰ ᠤᠨ ᠤᠷᠤᠯᠳᠤᠭᠠᠨ ᠳ᠋ᠤ᠌ ᠰᠢᠯᠢᠳᠡᠭ ᠵᠣᠬᠢᠶᠠᠨ ᠪᠠᠶᠢᠭᠤᠯᠤᠴᠢ ᠶᠢᠨ ᠱᠠᠩᠨᠠᠯ ᠬᠦᠷᠲᠡᠵᠦ ᠂ 2010 ᠣᠨ ᠳ᠋ᠤ᠌ ︽ ᠬᠤᠨ ᠭᠠᠯᠠᠭᠤ ︾ ᠰᠡᠳᠭᠦᠯ ᠦ᠋ᠨ ᠱᠣᠭ ᠶᠠᠷᠢᠶᠠᠨ ᠤ ᠤᠷᠤᠯᠳᠤᠭᠠᠨ ᠳ᠋ᠤ᠌ ︽ ᠲᠣ‍ ᠲᠣ‍ ᠭᠤᠸᠠᠢ ︾ ᠬᠡᠮᠡᠬᠦ ᠱᠣᠭ ᠶᠠᠷᠢᠶ᠎ᠠ ᠨᠢ ᠬᠣᠶᠠᠳᠤᠭᠠᠷ ᠲᠡᠰ ᠦᠨ ᠱᠠᠩᠨᠠᠯ ᠬᠦᠷᠲᠡᠭᠰᠡᠨ ᠪᠠᠢᠨ᠎ᠠ ᠃ ᠲᠡᠷᠨ ᠪᠡᠷ ᠂ ᠰᠢᠯᠢ ᠶᠢᠨ ᠭᠣᠣᠯ ᠠᠢᠮᠠᠭ ᠤ᠋ᠨ ᠳᠠᠭᠤᠷᠢᠯᠢᠭ ᠤ᠋ᠨ ᠨᠡᠢᠭᠡᠮᠯᠢᠭ ᠦ᠋ᠨ ᠭᠡᠰᠢᠭᠦᠨ ᠂ ᠬᠥᠪᠡᠭᠡᠲᠦ ᠰᠢᠷ᠎ᠠ ᠬᠣᠰᠢᠭᠤᠨ ᠤ᠋ ᠵᠣᠬᠢᠶᠠᠯᠴᠢᠳ ᠤᠨ ᠨᠡᠢᠭᠡᠮᠯᠢᠭ ᠦ᠋ᠨ ᠭᠡᠰᠢᠭᠦᠨ ᠂ ᠳᠤᠮᠳᠠᠳᠤ ᠰᠤᠷᠭᠠᠭᠤᠯᠢ ᠶᠢᠨ ᠥᠨᠳᠦᠷ ᠲᠡᠰ ᠦᠨ ᠴᠣᠯᠨ ᠲᠠᠢ ᠃