ᠨᠡᠷ᠎ᠡ:
ᠠᠯᠲᠠᠨᠪᠠᠭᠠᠨ᠎ᠠ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠵᠣᠬᠢᠶᠠᠯᠴᠢ ᠠᠯᠲᠠᠨᠪᠠᠭᠠᠨ᠎ᠠ ᠂ ᠪᠢᠷ ᠦ᠋ᠨ ᠨᠡᠷ᠎ᠡ ᠪᠠ · ᠰᠤᠪᠤᠷᠭ᠎ᠠ ᠂ 1959 ᠣᠨ ᠤ 12 ᠰᠠᠷ᠎ᠠ ᠶᠢᠨ 14 ᠤ ᠡᠳᠦᠷ ᠠᠷᠤ ᠬᠣᠷᠴᠢᠨ ᠬᠣᠰᠢᠭᠤᠨ ᠤ᠋ ᠱᠤᠤ ᠪᠠᠯᠭᠠᠰᠤ ᠶᠢᠨ ᠳᠥᠷᠪᠡᠳᠡᠢ ᠭᠠᠴᠠᠭᠠᠨ ᠤ ᠶᠡᠬᠡ ᠠᠢᠯ ᠤ᠋ᠨ ᠪᠠᠶᠠᠨᠵᠢᠷᠭᠠᠯ ᠪᠣᠯᠤᠨ ᠪᠣᠣ ᠵᠢᠨ ᠯᠢᠶᠠᠨ ᠤ ᠭᠠᠭᠴᠠ ᠬᠥᠪᠡᠭᠦᠨ ᠪᠣᠯᠤᠨ ᠵᠠᠶᠠᠭᠠᠵᠠᠢ ᠂᠂ ᠰᠢᠷᠠᠭᠴᠢᠨ ᠭᠠᠬᠠᠢ ᠵᠢᠯ ᠲᠠᠢ ᠂ ᠰᠤᠷᠤᠭᠴᠢ ᠭᠠᠷᠤᠯ ᠲᠠᠢ ᠂ ᠴᠡᠷᠢᠭ ᠦ᠋ᠨ ᠠᠯᠪᠠ ᠳ᠋ᠥ ᠵᠢᠷᠭᠤᠭᠠᠨ ᠵᠢᠯ ᠶᠠᠪᠤᠪᠠ ᠃ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠳᠤᠮᠳᠠᠳᠤ ᠰᠤᠷᠭᠠᠭᠤᠯᠢ ᠵᠢᠨ ᠣᠨᠴᠠ ᠲᠡᠰ ᠦ᠋ᠨ ᠪᠠᠭᠰᠢ ᠃ ᠠᠷᠤ ᠬᠣᠷᠴᠢᠨ ᠬᠣᠰᠢᠭᠤᠨ ᠤ᠋ ᠴᠢᠪᠠᠭ᠎ᠠ ᠬᠣᠶᠠᠳᠤᠭᠠᠷ ᠳᠤᠮᠳᠠᠳᠤ ᠰᠤᠷᠭᠠᠭᠤᠯᠢ ᠶᠢᠨ ᠮᠣᠩᠭᠤᠯ ᠬᠡᠯᠡ ᠪᠢᠴᠢᠭ ᠦ᠋ᠨ ᠪᠠᠭᠰᠢ ᠃ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠵᠣᠬᠢᠶᠠᠯᠴᠢᠳ ᠤ᠋ᠨ ᠨᠡᠢᠭᠡᠮᠯᠢᠭ ᠪᠣᠯᠤᠨ ᠠᠷᠠᠳ ᠤᠨ ᠠᠮᠠᠨ ᠵᠣᠬᠢᠶᠠᠯᠴᠢᠳ ᠤᠷᠠᠯᠢᠭᠴᠢᠳ ᠤᠨ᠋ᠡᠪᠯᠡᠯ ᠤᠨ ᠭᠡᠰᠢᠭᠦᠨ ᠃ ᠥᠪᠡᠷᠲᠡᠭᠡᠨ ᠵᠠᠰᠠᠬᠤ ᠣᠷᠤᠨ ᠣ ᠳᠡᠰ ᠦ᠋ᠨ ︽ ᠬᠢᠴᠢᠶᠡᠯ ᠲᠥᠷᠦᠯ ᠦ᠋ᠨ ᠳᠠᠭᠠᠭᠤᠯᠤᠭᠴᠢ ︾ ᠂ ︽ ᠭᠣᠣᠯᠯᠠᠭᠴᠢ ᠪᠠᠭᠰᠢ ︾ ᠂ ︽ ᠰᠢᠯᠢᠳᠡᠭ ᠵᠢᠭᠠᠨ ᠰᠤᠷᠭᠠᠬᠤ ᠴᠢᠳᠠᠪᠤᠷᠢᠲᠠᠨ ︾ ᠂ ︽ ᠤᠯᠠᠭᠠᠨᠬᠠᠳᠠ ᠬᠤᠳᠠ ᠶᠢᠨ ᠨᠡᠷᠡᠲᠦ ᠪᠠᠭᠰᠢ ︾ ᠂ ᠪᠦᠬᠦ ᠤᠯᠤᠰ ᠤᠨ ᠨᠠᠢ᠍ᠮᠠᠨ ᠮᠤᠵᠢ ᠣᠷᠤᠨ ᠣ ᠠᠩᠬᠠᠳᠠᠭᠴᠢ ᠤᠳᠠᠭᠠᠨ ᠤ ᠮᠣᠩᠭᠤᠯ ᠳᠤᠮᠳᠠᠳᠤ ᠰᠤᠷᠭᠠᠭᠤᠯᠢ ᠶᠢᠨ ᠵᠠᠯᠠᠭᠤ ᠢᠳᠡᠷ ᠪᠠᠭᠰᠢ ᠶᠢᠨ ᠰᠢᠨ᠎ᠡ ᠡᠭᠦᠳᠦᠯᠲᠦ ᠬᠢᠴᠢᠶᠡᠯᠯᠡᠭᠡ ᠶᠢᠨ ᠤᠷᠤᠯᠳᠤᠭᠠᠨ ᠣ ︽ ᠲᠡᠷᠢᠭᠦᠨ ︾ ᠂ ᠪᠦᠬᠦ ᠤᠯᠤᠰ ᠤᠨ ᠳᠤᠮᠳᠠᠳᠤ ᠪᠠᠭ᠎ᠠ ᠰᠤᠷᠭᠠᠭᠤᠯᠢ ᠶᠢᠨ ᠬᠢᠲᠠᠳ ᠮᠣᠩᠭᠤᠯ ᠰᠤᠷᠬᠤ ᠪᠢᠴᠢᠭ ᠬᠢᠨᠠᠬᠤ ᠨᠡᠢᠭᠡᠮᠯᠢᠭ ᠦ᠋ᠨ ᠭᠡᠰᠢᠭᠦᠨ ᠂ ᠳᠤᠮᠳᠠᠳᠤ ᠤᠯᠤᠰ ᠤ᠋ᠨ ᠠᠷᠠᠳ ᠤᠨ ᠤᠯᠤᠰ ᠲᠥᠷᠦ ᠶ᠋ᠢᠨ ᠵᠥᠪᠯᠡᠯᠭᠡᠨ ᠦ᠌ ᠠᠷᠤ ᠬᠣᠷᠴᠢᠨ ᠬᠣᠰᠢᠭᠤᠨ ᠤ᠋ 11 ᠂ 12 ᠂ 13 ᠳ᠋ᠤᠭᠠᠷ ᠬᠤᠭᠤᠴᠠᠭᠠᠨ ᠤ ᠭᠡᠰᠢᠭᠦᠨ ᠃ ︽ ᠵᠢᠷᠢᠮ ᠦ᠋ᠨ ᠤᠷᠠᠨ ᠵᠣᠬᠢᠶᠠᠯ ︾ ︵1987 ︶ ᠪᠣᠯᠤᠨ ︽ ᠰᠢᠷ᠎ᠠ ᠮᠥᠷᠡᠨ ︾ ︵ 2003 ︶ ᠰᠡᠳᠭᠦᠯ ᠦ᠋ᠨ ᠬᠣᠷᠢᠶᠠᠨ ᠤ᠋ ︽ ᠰᠢᠯᠢᠳᠡᠭ ᠵᠣᠬᠢᠶᠠᠯᠴᠢ ︾ ᠵᠢᠨ ᠱᠠᠩᠨᠠᠯ ᠬᠦᠷᠲᠡᠵᠦ ᠂ ᠠᠩᠬᠠᠳᠤᠭᠠᠷ ᠤᠳᠠᠭᠠᠨ ᠤ ︽ ᠢᠷᠠᠭᠤ ᠦᠭᠡᠰ ᠦ᠋ᠨ ᠡᠷᠢᠬᠡᠰ ︾ ᠨᠠᠢᠷᠠᠭᠤᠯᠤᠯ ᠤ᠋ᠨ ᠤᠷᠤᠯᠳᠤᠭᠠᠨ ᠳ᠋ᠥ ︽ ᠭᠠᠰᠢᠭᠤᠨ ᠭᠤᠨᠢᠭ ︾ ᠭᠡᠬᠦ ᠨᠠᠢᠷᠠᠭᠤᠯᠤᠯ ᠢ᠋ᠶ᠋ᠠᠷ ᠢ᠋ᠶ᠋ᠠᠨ ︽ ᠰᠢᠯᠢᠳᠡᠭ ᠲᠡᠰ ︾ ᠤᠨ ᠱᠠᠩᠨᠠᠯ ᠬᠦᠷᠲᠡᠵᠦ ᠂ ︽ ᠰᠦ᠋ ᠲᠠᠢ ᠪᠤᠷᠬᠠᠨ ᠡᠵᠢ ᠳ᠋ᠥ ᠪᠠᠨ ᠪᠢᠴᠢᠭᠰᠡᠨ ᠢᠯᠡ ᠵᠠᠬᠢᠳᠠᠯ ︾ ᠤᠨ ᠤᠷᠤᠯᠳᠤᠭᠠᠨ ᠳ᠋ᠥ ︽ ᠰᠢᠯᠢᠳᠡᠭ ᠲᠡᠰ ︾ ᠤᠨ ᠱᠠᠩᠨᠠᠯ ᠬᠦᠷᠲᠡᠵᠡᠢ ᠃ ︽ ᠨᠠᠮᠤᠷ ᠤᠨ ᠰᠠᠯᠬᠢ ︾ ᠥᠭᠦᠯᠡᠯᠭᠡ ᠲᠤᠭᠤᠵᠢ ᠶᠢᠨ ᠲᠡᠭᠦᠪᠦᠷᠢ ᠂ ︽ ᠵᠣ᠋ ᠶ᠋ᠢᠨ ᠴᠢᠯᠠᠭᠤ ︾ ᠨᠠᠢᠷᠠᠭᠤᠯᠤᠯ ᠤ᠋ᠨ ᠲᠡᠭᠦᠪᠦᠷᠢ ᠪᠡᠨ ᠬᠡᠪᠯᠡᠭᠦᠯᠵᠦ ᠂ ︽ ᠪᠤᠩᠬᠤᠨ ᠴᠠᠭᠠᠨ ᠮᠠᠩᠬ᠎ᠠ ︾ ︵ ᠬᠡᠦᠬᠡᠳ ᠦ᠋ᠨ ᠤᠷᠠᠨ ᠵᠣᠬᠢᠶᠠᠯ ᠤ᠋ᠨ ᠲᠡᠭᠦᠪᠦᠷᠢ ︶ ᠂ ︽ ᠰᠡᠳᠦᠪ ᠬᠠᠷᠢᠭᠤᠯᠬᠤ ᠤᠬᠠᠭᠠᠨ ︾ ᠂ ︽ ᠳᠡᠭᠡᠳᠦ ᠰᠤᠷᠭᠠᠭᠤᠯᠢ ᠳ᠋ᠤ᠌ ᠰᠢᠯᠭᠠᠭᠤᠯᠤᠭᠰᠠᠳ ᠲᠤ᠌ ᠵᠣᠷᠢᠭᠤᠯᠤᠭᠰᠠᠨ ︱ ᠵᠣᠬᠢᠶᠠᠨ ᠪᠢᠴᠢᠬᠦ ᠤᠷ᠎ᠠ ᠤᠬᠠᠭᠠᠨ ︾ ᠂ ︽ ᠪᠢᠯᠢᠭ ᠦ᠋ᠨ ᠣᠴᠢ ︾ ᠂ ︽ ᠳᠡᠭᠡᠳᠦ ᠳᠤᠮᠳᠠᠳᠤ ᠶ᠋ᠢᠨ ᠵᠣᠬᠢᠶᠠᠨ ᠪᠢᠴᠢᠯᠭᠡ ᠶᠢᠨ ᠵᠢᠯᠤᠭᠤᠳᠤᠮᠵᠢ ︾ ᠂ ︽ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤ᠋ᠨ ᠨᠡᠮᠡᠯᠲᠡ ᠤᠩᠰᠢᠭᠤ ︾ ᠵᠡᠷᠭᠡ ᠨᠣᠮ ᠢ᠋ ᠨᠠᠢᠷᠠᠭᠤᠯᠤᠨ ᠂ ᠪᠤᠰᠤᠳ ᠲᠠᠢ ᠬᠠᠮᠲᠤᠷᠠᠨ ︽ ᠴᠡᠷᠢᠭ ᠦ᠋ᠨ ᠵᠣᠬᠢᠶᠠᠯ ᠤ᠋ᠨ ᠲᠡᠭᠦᠪᠦᠷᠢ ︾ ᠂ ︽ ᠠᠷᠪᠠᠨ ᠵᠦᠭ ᠦ᠋ᠨ ᠣᠳᠤᠳ ︾ ᠂ ︽ ᠨᠠᠷᠠ ᠵᠢᠯᠲᠡᠢ ᠬᠡᠦᠬᠡᠳ ︾ ᠂ ︽ ᠠᠯᠳᠠᠨ ᠨᠠᠮᠤᠷ ︾ ᠂ ︽ ᠠᠮᠵᠢᠯᠲᠠ ᠲᠠᠢ ᠠᠯᠬᠤᠭᠰᠠᠨ ᠠᠷᠪᠠᠨ ᠵᠢᠯ ︾ ᠂ ︽ ᠬᠤᠨᠳᠤ ᠨᠠᠭᠤᠷ ︾ ᠂ ︽ ᠵᠤᠤ ᠤᠳᠠ ᠶᠢᠨ ᠮᠣᠩᠭᠤᠯ ᠵᠣᠬᠢᠶᠠᠯ ᠪᠦᠲᠦᠭᠡᠯ ᠦ᠋ᠨ ᠲᠡᠭᠦᠪᠦᠷᠢ ︾ ᠂ ︽ ᠺᠤᠨᠰᠫᠺᠲ ︾ ᠂ ︽ ᠯᠠᠪᠯᠠᠬᠤ ᠪᠢᠴᠢᠭ ︾ ᠂ ︽ ᠪᠣᠯᠪᠠᠰᠤᠷᠠᠯ ᠤ᠋ᠨ ᠥᠷᠦᠭᠡ ︾ ᠵᠡᠷᠭᠡ ᠨᠣᠮ ᠪᠢᠴᠢᠭ ᠢ ᠬᠡᠪᠯᠡᠭᠦᠯᠪᠡ ᠃ ᠴᠢᠪᠠᠭ᠎ᠠ ᠶᠢᠨ ᠬᠣᠶᠠᠳᠤᠭᠠᠷ ᠳᠤᠮᠳᠠᠳᠤ ᠰᠤᠷᠭᠠᠭᠤᠯᠢ ᠶᠢᠨ ︽ ᠲᠤᠯᠭ᠎ᠠ ︾ ᠰᠡᠳᠭᠦᠯ ᠢ᠋ ᠡᠭᠦᠰᠭᠡᠨ ᠡᠷᠬᠢᠯᠡᠵᠦ ᠂ ᠶᠡᠷᠦᠩᠬᠡᠢ ᠨᠠᠢᠷᠠᠭᠤᠯᠤᠭᠴᠢ ᠪᠠᠷ ᠬᠠᠪᠰᠤᠷᠭᠠᠨ ᠠᠵᠢᠯᠯᠠᠵᠤ ᠪᠠᠢᠨ᠎ᠠ ᠃ ᠬᠠᠷᠢᠯᠴᠠᠬᠤ ᠬᠠᠶᠢᠭ ᠄ ᠤᠯᠠᠭᠠᠨᠬᠠᠳᠠ ᠬᠤᠳᠠ ᠶᠢᠨ ᠠᠷᠤ ᠬᠣᠷᠴᠢᠨ ᠬᠣᠰᠢᠭᠤᠨ ᠤ᠋ ᠴᠢᠪᠠᠭ᠎ᠠ ᠶᠢᠨ ᠬᠣᠶᠠᠳᠤᠭᠠᠷ ᠳᠤᠮᠳᠠᠳᠤ ᠰᠤᠷᠭᠠᠭᠤᠯᠢ ᠤᠲᠠᠰᠤ ᠄ 13947641356
Copyight 2016 by nmgmzw.gov.cn All Rights Reserved