ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠨᠠ‍ · ᠵᠢᠷᠭᠠᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠢᠷᠭᠠᠯ ᠂ ᠪᠢᠴᠢᠭ ᠦ᠋ᠨ ᠨᠡᠷ᠎ᠡ ᠨᠠ‍ ᠂ ᠵᠢᠷᠭᠠᠯ ᠂ ᠪᠠᠰᠠ ᠨᠠᠵᠢ ᠭᠡᠳᠡᠭ ᠃ 1963 ᠣᠨ ᠤ 12 ᠰᠠᠷ᠎ᠠ ᠳ᠋ᠤ᠌ ᠠᠷᠤ ᠬᠣᠷᠴᠢᠨ ᠬᠣᠰᠢᠭᠤᠨ ᠤ᠋ ᠬᠤᠨᠲᠤ ᠪᠠᠯᠭᠠᠰᠤ ᠶ᠋ᠢᠨ ᠣᠩᠭᠣᠨ ᠮᠣᠳᠤ ᠭᠠᠴᠠᠭ᠎ᠠ  ᠶᠢᠨ ᠮᠠᠯᠴᠢᠨ ᠨᠠᠰᠤᠨ᠍ᠤ᠋ᠷᠲᠤ ᠂ ᠭᠠᠭᠠᠷᠮ᠎ᠠ  ᠶᠢᠨ ᠤᠤᠭᠠᠨ ᠬᠥᠪᠡᠭᠦᠨ ᠪᠣᠯᠤᠨ ᠵᠠᠶᠠᠭᠠᠪᠠ ᠃ 1980 ᠣᠨ ᠤ 1 ᠰᠠᠷ᠎ᠠ ᠳ᠋ᠤ᠌ ᠠᠵᠢᠯ ᠳ᠋ᠤ᠌ ᠣᠷᠤᠯᠴᠠᠵᠤ ᠂ ᠠᠷᠤ ᠬᠣᠷᠴᠢᠨ ᠬᠣᠰᠢᠭᠤᠨ ‍ᠣ ᠠᠷᠠᠳ ᠤᠨ ᠵᠠᠰᠠᠭ ‍ᠣᠨ ᠣᠷᠳᠤᠨ ᠳ᠋ᠤ᠌ ᠣᠷᠴᠢᠭᠤᠯᠤᠭᠴᠢ ᠪᠠᠷ ᠠᠵᠢᠯᠯᠠᠵᠤ ᠪᠤᠢ ᠃ ᠡᠳᠡᠭᠡᠷ ᠵᠢᠯ ᠳ᠋ᠦ᠍ ᠮᠣᠩᠭᠤᠯ ᠬᠢᠲᠠᠳ ᠮᠠᠲ᠋ᠧᠷᠢᠶᠠᠯ ᠢ᠋ ᠣᠷᠴᠢᠭᠤᠯᠬᠤ ᠂ ᠮᠣᠩᠭᠤᠯ ᠬᠢᠲᠠᠳ ᠮᠠᠲ᠋ᠧᠷᠢᠶᠠᠯ ᠪᠢᠴᠢᠬᠦ ᠵᠡᠷᠭᠡ  ᠶᠢ 2800 ᠭᠠᠷᠤᠢ ᠲᠦᠮᠡᠨ ᠦᠰᠦᠭ ᠭᠦᠢᠴᠡᠳᠭᠡᠵᠦ ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠂ ᠪᠦᠬᠦ ᠤᠯᠤᠰ ᠤᠨ ᠠᠷᠠᠳ ᠤᠨ ᠲᠥᠯᠦᠭᠡᠯᠡᠭᠴᠢᠳ ᠦ᠋ᠨ ᠶᠡᠬᠡ ᠬᠤᠷᠠᠯ ᠂ ᠤᠯᠤᠰ ᠲᠥᠷᠦ ᠶ᠋ᠢᠨ ᠵᠥᠪᠯᠡᠯᠭᠡᠨ ᠦ᠌ ᠶᠡᠬᠡ ᠬᠤᠷᠠᠯ ᠤᠨ ᠣᠷᠴᠢᠭᠤᠯᠭ᠎ᠠ ᠳ᠋ᠤ᠌ ᠣᠷᠤᠯᠴᠠᠵᠤ ᠂ ᠠᠷᠠᠳ ᠤᠨ ᠶᠡᠬᠡ ᠬᠤᠷᠠᠯ ᠤᠨ ᠲᠢᠩᠬᠢᠮ ᠳ᠋ᠦ᠍ ᠤᠯᠤᠰ ᠤᠨ ᠲᠡᠷᠢᠭᠦᠯᠡᠭᠴᠢ ᠬᠤ᠌ ᠵᠢᠨ ᠲᠤᠤ ᠵᠡᠷᠭᠡ ᠨᠠᠮ ᠲᠥᠷᠦ ᠶ᠋ᠢᠨ ᠤᠳᠤᠷᠢᠳᠬᠤ ᠬᠥᠮᠦᠰ ᠦ᠋ᠨ ᠶᠠᠷᠢᠶ᠎ᠠ ᠢᠯᠡᠳᠭᠡᠯ ᠢ᠋ ᠵᠡᠷᠭᠡᠴᠡᠭᠡ ᠣᠷᠴᠢᠭᠤᠯᠭ᠎ᠠ ᠬᠢᠪᠡ ᠃ ︽ ᠲᠥᠪᠡᠳ ᠢ᠋ᠶ᠋ᠡᠷ ᠠᠶᠠᠯᠠᠭᠰᠠᠨ ᠲᠡᠮᠳᠡᠭᠯᠡᠯ ︾ ᠵᠡᠷᠭᠡ 260 ᠲᠦᠮᠡᠨ ᠦᠰᠦᠭ ᠪᠦᠬᠦᠢ 11 ᠨᠣᠮ ᠢ᠋ ᠮᠣᠩᠭᠤᠯᠴᠢᠯᠠᠪᠠ ᠃ ᠪᠦᠬᠦ ᠤᠯᠤᠰ ᠤᠨ ᠰᠣᠨᠢᠨ ᠰᠡᠳᠭᠦᠯ ᠷᠠᠳᠢᠣ‍ ᠲᠧᠯᠸᠢᠰ ᠲᠦ᠍ ᠰᠢᠯᠦᠭ ᠂ ᠨᠠᠢᠷᠠᠭᠤᠯᠤᠯ ᠂ ᠮᠡᠳᠡᠭᠡᠯᠡᠯ ᠦ᠋ᠨ ᠤᠷᠠᠨ ᠵᠣᠬᠢᠶᠠᠯ ᠂ ᠷᠣᠮᠠᠨ ︵ 11 ᠷᠣᠮᠠᠨ ᠪᠢᠴᠢᠵᠦ ᠂ 6 ᠲᠡᠭᠦᠪᠦᠷᠢ ᠬᠡᠪᠯᠡᠭᠦᠯᠵᠦ ᠂ 5 ᠷᠣᠮᠠᠨ ᠢ᠋ ᠰᠡᠳᠭᠦᠯ ᠳ᠋ᠦ᠍ ᠨᠡᠢᠲᠡᠯᠡᠪᠡ ︶ ᠂ ᠦᠯᠢᠭᠡᠷ ᠳᠣᠮᠤᠭ ᠂ ᠰᠣᠶᠤᠯ ᠲᠡᠦᠬᠡ ᠂ ᠱᠣᠭ ᠶᠠᠷᠢᠶ᠎ᠠ ᠂ ᠷᠠᠳᠢᠣ᠋ ᠵᠦᠴᠦᠭᠡ ᠂ ᠥᠭᠦᠯᠡᠯ ᠂ ᠴᠢᠮᠡᠭᠡᠯᠡᠯ ᠂ ᠤᠷᠠᠨ ᠪᠢᠴᠢᠯᠭᠡ ᠂ ᠭᠡᠷᠡᠯ ᠵᠢᠷᠤᠭ ᠂ ‍ᠳ᠋ᠢᠶᠠᠩᠬᠤᠸᠠ ᠮᠡᠳᠡᠭᠡ ᠵᠡᠷᠭᠡ ᠲᠦᠮᠡ 2000 ᠭᠠᠷᠤᠢ ᠵᠣᠬᠢᠶᠠᠯ ᠪᠦᠲᠦᠭᠡᠯ ᠢ᠋ᠶ᠋ᠡᠨ ᠨᠡᠢᠲᠡᠯᠡᠭᠦᠯᠵᠦ ᠂ ᠤᠯᠤᠰ ᠤᠨ ᠳᠡᠰ ᠦ᠋ᠨ ᠰᠡᠳᠭᠦᠯ ᠷᠠᠳᠢᠣ᠋ ᠳ᠋ᠤ᠌ 210 ᠪᠦᠲᠦᠭᠡᠯ ᠂ ᠥᠪᠡᠷᠲᠡᠭᠡᠨ ᠵᠠᠰᠠᠬᠤ ᠣᠷᠤᠨ ᠤ᠋ ᠡᠯ᠎ᠡ ᠰᠡᠳᠭᠦᠯ ᠳ᠋ᠦ᠍ 430 ᠪᠦᠲᠦᠭᠡᠯ ᠂ ᠥᠪᠦᠷ ᠮᠣᠩᠭᠤᠯ ᠤ᠋ᠨ ᠡᠳᠦᠷ ᠦ᠋ᠨ ᠰᠣᠨᠢᠨ ᠳ᠋ᠤ᠌ 1300 ᠪᠦᠲᠦᠭᠡᠯ ᠂ ᠣᠷᠤᠨ ᠤ᠋ ᠳᠡᠰ ᠦ᠋ᠨ ᠷᠠᠳᠢᠣ᠋ ᠲᠧᠯᠸᠢᠰ ᠲᠦ᠍ 380 ᠪᠦᠲᠦᠭᠡᠯ ᠂ ᠣᠷᠤᠨ ᠤ᠋ ᠭᠠᠳᠠᠨᠠᠬᠢ ᠰᠣᠨᠢᠨ ᠰᠡᠳᠭᠦᠯ ᠷᠠᠳᠢᠣ᠋ ᠳ᠋ᠤ᠌ 320 ᠪᠦᠲᠦᠭᠡᠯ ᠂ ᠤᠯᠠᠭᠠᠨᠬᠠᠳᠠ  ᠶᠢᠨ ᠡᠳᠦᠷ ᠦ᠋ᠨ ᠰᠣᠨᠢᠨ ᠳ᠋ᠤ᠌ 2700 ᠪᠦᠲᠦᠭᠡᠯ ᠂ ᠤᠯᠠᠭᠠᠨᠬᠠᠳᠠ  ᠶᠢᠨ ᠷᠠᠳᠢᠣ᠋ ᠨᠡᠪᠲᠡᠷᠡᠭᠦᠯᠭᠡ ᠳ᠋ᠦ᠍ 3800 ᠪᠦᠲᠦᠭᠡᠯ ᠂ ᠡᠯ᠎ᠡ ᠱᠠᠲᠤᠨ ᠤ ᠰᠦᠯᠵᠢᠶ᠎ᠡ ᠳ᠋ᠦ᠍ 1600 ᠪᠦᠲᠦᠭᠡᠯ ᠂ ᠠᠷᠤ ᠬᠣᠷᠴᠢᠨ ᠬᠣᠰᠢᠭᠤᠨ ᠤ᠋ ᠷᠠᠳᠢᠣ᠋ ᠨᠡᠪᠲᠡᠷᠡᠭᠦᠯᠭᠡ ᠳ᠋ᠦ᠍ 1400 ᠪᠦᠲᠦᠭᠡᠯ ᠨᠡᠢᠲᠡᠯᠡᠭᠦᠯᠪᠡ ᠃ 1992 ᠣᠨ  ᠠᠴᠠ ᠣᠷᠤᠨ ᠤ᠋ ᠳᠡᠰ ᠦ᠋ᠨ ᠰᠣᠨᠢᠨ ᠰᠡᠳᠭᠦᠯ ᠷᠠᠳᠢᠣ᠋ ᠨᠡᠪᠲᠡᠷᠡᠭᠦᠯᠭᠡ ᠳ᠋ᠦ᠍ ᠭᠤᠷᠪᠠᠨ ᠡᠳᠦᠷ ᠲᠦ᠍ ᠨᠢᠭᠡ ᠪᠦᠲᠦᠭᠡᠯ ᠨᠡᠢᠲᠡᠯᠡᠭᠦᠯᠵᠦ ᠂ ᠬᠣᠲᠠ ᠶ᠋ᠢᠨ ᠱᠠᠲᠤᠨ ᠤ ᠰᠣᠨᠢᠨ ᠰᠡᠳᠭᠦᠯ ᠷᠠᠳᠢᠣ᠋ ᠶ᠋ᠢ ᠭᠤᠷᠪᠠᠨ ᠡᠳᠦᠷ ᠲᠦ᠍ ᠬᠤᠶᠠᠷ ᠪᠦᠲᠦᠭᠡᠯ ᠢ᠋ᠶ᠋ᠡᠨ ᠨᠡᠢᠲᠡᠯᠡᠭᠦᠯᠵᠦ ᠂ ᠠᠵᠢᠯ ᠤᠨ ᠴᠢᠯᠦᠭᠡᠨ ᠦ᠌ ᠵᠣᠬᠢᠶᠠᠭᠴᠢᠳ ᠤ᠋ᠨ ᠰᠢᠨ᠎ᠡ ᠲᠡᠮᠳᠡᠭᠯᠡᠯ  ᠢ ᠡᠭᠦᠳᠴᠦ ᠂ ᠣᠳᠣ ᠪᠣᠯᠲᠠᠯ᠎ᠠ ᠰᠢᠨᠡᠳᠭᠡᠭᠰᠡᠨ ᠬᠥᠮᠦᠨ ᠭᠠᠷᠤᠭᠠᠳᠤᠢ ᠪᠠᠢᠨ᠎ᠠ ᠃ ᠳᠥᠴᠢᠭᠡᠳ ᠵᠣᠬᠢᠶᠠᠯ ᠪᠦᠲᠦᠭᠡᠯ ᠢ᠋ᠶ᠋ᠡᠷ ᠢ᠋ᠶ᠋ᠡᠨ ᠲᠥᠪ ᠷᠠᠳᠢᠣ᠋ ᠶ᠋ᠢᠨ ᠨᠠᠢᠷᠠᠭᠤᠯᠤᠯ ᠤ᠋ᠨ ᠤᠷᠤᠯᠳᠤᠭᠠᠨ ᠤ ᠲᠡᠷᠢᠭᠦᠨ ᠱᠠᠩᠨᠠᠯ ᠂ ᠪᠦᠬᠦ ᠤᠯᠤᠰ ᠂ ᠪᠦᠬᠦ ᠣᠷᠤᠨ ᠤ᠋ ᠮᠣᠩᠭᠤᠯ ᠰᠣᠨᠢᠨ ᠰᠡᠳᠭᠦᠯ ᠦ᠋ᠨ ︽ ᠰᠠᠢᠨ ᠰᠣᠨᠢᠨ ᠮᠡᠳᠡᠭᠡᠨ ᠦ᠌ ᠱᠠᠩᠨᠠᠯ ︾  ᠢ ᠭᠤᠷᠪᠠᠨ ᠵᠢᠯ ᠳᠠᠷᠠᠭᠠᠯᠠᠨ ᠬᠦᠷᠲᠡᠵᠦ ᠂ ᠪᠦᠬᠦ ᠤᠯᠤᠰ ᠤ᠋ᠨ ᠨᠠᠮ ᠤᠨ ᠰᠡᠳᠭᠦᠯ ᠦ᠋ᠨ ᠲᠡᠷᠢᠭᠦᠨ ᠱᠠᠩᠨᠠᠯ  ᠢ ᠬᠤᠶᠠᠷ ᠵᠢᠯ ᠳᠠᠷᠠᠭᠠᠯᠠᠨ ᠲᠤᠰᠴᠤ ᠂ ᠪᠦᠬᠦ ᠤᠯᠤᠰ ᠤᠨ ᠠᠩᠬᠠᠳᠤᠭᠠᠷ ᠤᠳᠠᠭᠠᠨ ᠤ ᠮᠣᠩᠭᠤᠯ ᠤᠷᠠᠨ ᠪᠢᠴᠢᠯᠭᠡ  ᠶᠢᠨ ᠰᠢᠯᠢᠳᠡᠭ ᠱᠠᠩᠨᠠᠯ ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠠᠷᠠᠳ ᠤᠨ ᠶᠠᠪᠤᠳᠠᠯ ᠤᠨ ᠶᠠᠮᠤᠨ ᠤ ︽ ᠭᠡᠷᠡᠯ ᠵᠢᠷᠤᠭ ᠤᠨ ᠰᠢᠯᠢᠳᠡᠭ ᠪᠦᠲᠦᠭᠡᠯ ᠦ᠋ᠨ ᠱᠠᠩᠨᠠᠯ ︾ ᠂ ᠪᠦᠬᠦ ᠤᠯᠤᠰ ᠤᠨ ᠮᠣᠩᠭᠤᠯ ᠲᠤᠭᠤᠵᠢᠰ ᠤᠨ ᠤᠷᠤᠯᠳᠤᠭᠠᠨ ᠤ ᠰᠢᠯᠢᠳᠡᠭ ᠱᠠᠩᠨᠠᠯ ᠂ ᠥᠪᠦᠷ ᠮᠣᠩᠭᠤᠯ ᠤ᠋ᠨ ᠡᠳᠦᠷ ᠦ᠋ᠨ ᠰᠣᠨᠢᠨ ᠤ᠋ ᠲᠡᠷᠢᠭᠦᠨ ᠱᠠᠩᠨᠠᠯ  ᠢ ᠭᠤᠷᠪᠠᠨᠲᠠ ᠭᠠᠷᠳᠠᠵᠤ ᠂ ᠥᠪᠦᠷ ᠮᠣᠩᠭᠤᠯ ᠤ᠋ᠨ ᠷᠠᠳᠢᠣ᠋ ᠬᠣᠷᠢᠶ᠎ᠠ ᠶ᠋ᠢᠨ ᠲᠡᠷᠢᠭᠦᠨ ᠱᠠᠩᠨᠠᠯ ᠂ ᠤᠯᠠᠭᠠᠨ ᠬᠠᠳᠠ  ᠶᠢᠨ ᠡᠳᠦᠷ ᠦ᠋ᠨ ᠰᠣᠨᠢᠨ ᠤ᠋ ᠣᠨᠴᠠ ᠱᠠᠩᠨᠠᠯ ᠂ ᠵᠣᠤ ᠤᠳᠠ ᠶ᠋ᠢᠨ ᠥᠭᠦᠯᠡᠯ ᠦ᠋ᠨ ᠪᠦᠲᠦᠭᠡᠯ ᠦ᠋ᠨ ᠣᠨᠴᠠ ᠱᠠᠩᠨᠠᠯ ᠵᠡᠷᠭᠡ  ᠶᠢ ᠬᠦᠷᠲᠡᠪᠡ ᠃ ᠨᠠᠢᠷᠠᠭᠤᠯᠤᠯ ᠂ ᠷᠣᠮᠠᠨ ︵ 6 ᠲᠡᠭᠦᠪᠦᠷᠢ ︶ ᠂ ᠵᠠᠩ ᠦᠢᠯᠡ ᠂ ᠰᠣᠶᠤᠯ ᠲᠡᠦᠬᠡ ᠵᠡᠷᠭᠡ 1600 ᠲᠦᠮᠡᠨ ᠦᠰᠦᠭ ᠪᠦᠬᠦᠢ 75 ᠨᠣᠮ ᠬᠡᠪᠯᠡᠭᠦᠯᠪᠡ ᠃ ᠪᠠᠰᠠ ᠬᠠᠮᠲᠤᠷᠠᠭᠰᠠᠨ ᠲᠡᠭᠦᠪᠦᠷᠢ 5 ᠨᠣᠮ ᠂ ᠡᠮᠬᠢᠳᠭᠡᠨ ᠴᠤᠭᠯᠠᠭᠤᠯᠤᠭᠰᠠᠨ ᠲᠡᠭᠦᠪᠦᠷᠢ 1 ᠨᠣᠮ ᠂ ᠤᠯᠠᠨ ᠬᠥᠮᠦᠨ ᠦ᠌ ᠲᠡᠭᠦᠪᠦᠷᠢ 2 ᠨᠣᠮ ᠪᠤᠢ ᠃ 1. ᠷᠣᠮᠠᠨ 6 ᠨᠣᠮ 2. ᠲᠡᠦᠬᠡ ᠰᠣᠶᠤᠯ ᠤ᠋ᠨ ᠲᠤᠬᠠᠢ 34 ᠨᠣᠮ 3. ᠣᠢᠯᠠᠯᠭ᠎ᠠ ᠴᠠᠳᠢᠭ 6 ᠨᠣᠮ 4. ᠪᠠᠢᠴᠠᠭᠠᠯᠲᠠ ᠶ᠋ᠢᠨ ᠮᠡᠳᠡᠭᠦᠯᠦᠯᠲᠡ ᠪᠢᠴᠢᠯᠭᠡ ᠲᠡᠮᠳᠡᠭᠯᠡᠯ 6 ᠨᠣᠮ 5. ᠰᠢᠯᠦᠭ 5 ᠨᠣᠮ 6. ᠨᠠᠢᠷᠠᠭᠤᠯᠤᠯ 8 ᠨᠣᠮ 7. ᠮᠡᠳᠡᠭᠡᠯᠡᠯ ᠦ᠋ᠨ ᠤᠷᠠᠨ ᠵᠣᠬᠢᠶᠠᠯ 2 ᠨᠣᠮ 8. ᠨᠠᠢᠷᠠᠭᠤᠯᠤᠯ ᠰᠢᠯᠦᠭ ᠦ᠋ᠨ ᠨᠣᠮ 3 ᠨᠣᠮ 9. ᠮᠡᠳᠡᠭᠡᠯᠡᠯ ᠦ᠋ᠨ ᠤᠷᠠᠨ ᠵᠣᠬᠢᠶᠠᠯ ᠂ ᠰᠢᠯᠦᠭ ᠂ ᠨᠠᠢᠷᠠᠭᠤᠯᠤᠯ 2 ᠨᠣᠮ 10. ᠵᠢᠷᠤᠭᠲᠤ ᠰᠢᠯᠦᠭᠯᠡᠭᠰᠡᠨ ᠨᠣᠮ 1 ᠨᠣᠮ 11. ᠨᠣᠮ ᠪᠦᠲᠦᠭᠡᠯ ᠦ᠋ᠨ ᠭᠠᠷᠴᠠᠭ 2 ᠨᠣᠮ ᠃ ᠨᠣᠮ ᠲᠡᠭᠦᠪᠦᠷᠢ ᠨᠢ ᠪᠦᠬᠦ ᠤᠯᠤᠰ ᠤ᠋ᠨ ︽ ᠵᠠᠭᠤᠨ ᠰᠢᠯᠢᠳᠡᠭ ᠦᠨᠳᠦᠰᠦᠲᠡᠨ ᠦ᠌ ᠨᠣᠮ ᠪᠢᠴᠢᠭ ᠦ᠋ᠨ ᠱᠠᠩᠨᠠᠯ ︾ ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ︽ ᠲᠠᠪᠤᠨ ᠨᠢᠭᠡ  ᠶᠢᠨ ᠢᠨᠵᠧᠨᠧᠷᠢᠩ ᠦ᠋ᠨ ᠱᠠᠩᠨᠠᠯ ︾  ᠢ ᠬᠦᠷᠲᠡᠵᠦ ᠂ ᠤᠯᠤᠰ ᠤᠨ ᠰᠣᠨᠢᠨ ᠮᠡᠳᠡᠭᠡᠨ ᠦ᠌ ᠵᠤᠷᠭᠠᠨ ᠤ ᠰᠣᠳᠤᠨ ᠨᠣᠮ ᠂ ᠤᠯᠤᠰ ᠤᠨ ︽ ᠵᠠᠭᠤᠨ ᠬᠡᠪᠯᠡᠯ ᠦ᠋ᠨ ᠬᠣᠷᠢᠶ᠎ᠠ ᠮᠢᠩᠭᠠᠨ ᠰᠤᠷᠭᠠᠭᠤᠯᠢ ︾ ᠳ᠋ᠤ ᠨᠣᠮ ᠬᠦᠷᠭᠡᠬᠦ ᠠᠵᠢᠯᠯᠠᠭ᠎ᠠ  ᠶᠢᠨ ᠰᠣᠳᠤᠨ ᠂ ᠨᠠᠢ᠍ᠮᠠᠨ ᠮᠤᠵᠢ ᠣᠷᠤᠨ ᠤ᠋ ᠮᠣᠩᠭᠤᠯ ᠨᠣᠮ ᠪᠢᠴᠢᠭ ᠦ᠋ᠨ ᠦᠵᠡᠭᠦᠯᠦᠯᠭᠡ  ᠶᠢᠨ ᠰᠣᠳᠤᠨ ᠨᠣᠮ ᠢ᠋ᠶ᠋ᠠᠷ ᠰᠣᠩᠭᠤᠭᠳᠠᠪᠠ ᠃ 1989 ᠣᠨ ᠳ᠋ᠤ᠌ ᠥᠪᠡᠷᠲᠡᠭᠡᠨ ᠵᠠᠰᠠᠬᠤ ᠣᠷᠤᠨ ᠤ᠋ ᠨᠠᠮ ᠤᠨ ᠬᠣᠷᠢᠶ᠎ᠠ ᠶ᠋ᠢᠨ ᠤᠬᠠᠭᠤᠯᠬᠤ ᠬᠡᠯᠲᠡᠰ ᠵᠡᠷᠭᠡ ᠳᠥᠷᠪᠡᠨ ᠨᠢᠭᠡᠴᠢ ᠡᠴᠡ ︽ ᠪᠦᠬᠦ ᠣᠷᠤᠨ ᠤ᠋ ᠰᠢᠯᠢᠳᠡᠭ ᠴᠢᠮᠡᠭᠡᠯᠡᠭᠴᠢ ︾ ᠪᠠᠷ ᠴᠣᠯᠠᠯᠠᠵᠤ ᠂ 2005 ᠣᠨ ᠳ᠋ᠤ᠌ ᠥᠪᠡᠷᠲᠡᠭᠡᠨ ᠵᠠᠰᠠᠬᠤ ᠣᠷᠤᠨ ᠤ᠋ ᠨᠠᠮ ᠤᠨ ᠬᠣᠷᠢᠶ᠎ᠠ ᠂ ᠵᠠᠰᠠᠭ ᠤᠨ ᠣᠷᠳᠤᠨ ᠠ᠋ᠴᠠ ︽ ᠪᠦᠬᠦ ᠣᠷᠤᠨ ᠤ᠋ ᠨᠠᠮ ᠵᠠᠰᠠᠭ ᠤᠨ ᠪᠠᠢᠭᠤᠯᠭ᠎ᠠ ᠶ᠋ᠢᠨ ᠮᠣᠩᠭᠤᠯ ᠬᠢᠲᠠᠳ ᠣᠷᠴᠢᠭᠤᠯᠭ᠎ᠠ ᠶ᠋ᠢᠨ ᠠᠵᠢᠯ ᠳ᠋ᠤ᠌ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ︾ ᠢᠷᠠᠭᠤ ᠠᠯᠳᠠᠷ ᠤᠨ ᠱᠠᠩᠨᠠᠯ ᠣᠯᠭᠤᠵᠤ ᠂ 2010 ᠣᠨ ᠳ᠋ᠤ᠌ ᠪᠦᠬᠦ ᠤᠯᠤᠰ ᠤᠨ ᠠᠷᠠᠳ ᠤᠨ ᠲᠥᠯᠦᠭᠡᠯᠡᠭᠴᠢᠳ ᠦ᠋ᠨ ᠶᠡᠬᠡ ᠬᠤᠷᠠᠯ ᠪᠣᠯᠤᠨ ᠪᠦᠬᠦ ᠤᠯᠤᠰ ᠤᠨ ᠤᠯᠤᠰ ᠲᠥᠷᠦ ᠶ᠋ᠢᠨ ᠵᠥᠪᠯᠡᠯᠭᠡᠨ ᠦ᠌ ᠶᠡᠬᠡ ᠬᠤᠷᠠᠯ ᠤᠨ ᠨᠠᠷᠢᠨ ᠪᠢᠴᠢᠭ ᠦ᠋ᠨ ᠭᠠᠵᠠᠷ  ᠠᠴᠠ ︽ ᠪᠦᠬᠦ ᠤᠯᠤᠰ ᠤ᠋ᠨ ᠬᠤᠶᠠᠷ ᠬᠤᠷᠠᠯ ᠤᠨ ᠣᠷᠴᠢᠭᠤᠯᠭ᠎ᠠ ᠶ᠋ᠢᠨ ᠠᠵᠢᠯ  ᠢ ᠭᠢᠯᠠᠯᠵᠠᠲᠠᠯ᠎ᠠ ᠪᠡᠶᠡᠯᠡᠭᠦᠯᠦᠭᠰᠡᠨ ︾ ᠢᠷᠠᠭᠤ ᠠᠯᠳᠠᠷ ᠤᠨ ᠦᠨᠡᠮᠯᠡᠯ ᠣᠯᠭᠤᠵᠤ ᠂ 2013 ᠣᠨ ᠳ᠋ᠤ᠌ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠠᠷᠠᠳ ᠤᠨ ᠵᠠᠰᠠᠭ ᠤᠨ ᠣᠷᠳᠤᠨ ᠠ᠋ᠴᠠ ︽ ᠮᠣᠩᠭᠤᠯ ᠬᠡᠯᠡ ᠪᠢᠴᠢᠭ  ᠢ ᠰᠤᠷᠴᠤ ᠬᠡᠷᠡᠭᠯᠡᠬᠦ ᠳ᠋ᠦ᠍ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ︾ ᠱᠠᠩᠨᠠᠯ ᠣᠯᠭᠤᠵᠤ ᠂ ᠤᠯᠠᠭᠠᠨ ᠬᠠᠳᠠ  ᠶᠢᠨ ᠡᠳᠦᠷ ᠦ᠋ᠨ ᠰᠣᠨᠢᠨ ᠤ᠋ ᠬᠣᠷᠢᠶ᠎ᠠ ᠠ᠋ᠴᠠ ︽ ᠳᠠᠷᠬᠠᠨ ᠴᠢᠮᠡᠭᠡᠯᠡᠭᠴᠢ ︾ ᠪᠠᠷ ᠴᠣᠯᠠᠯᠠᠵᠤ ᠂ ᠭᠢᠷᠢᠨ ᠮᠤᠵᠢ  ᠶᠢᠨ ᠠᠷᠠᠳ ᠤᠨ ᠵᠠᠰᠠᠭ ᠤᠨ ᠣᠷᠳᠤᠨ ᠤ᠋ ᠴᠥᠭᠡᠨ ᠲᠣᠭᠠᠲᠤ ᠦᠨᠳᠦᠰᠦᠲᠡᠨ ᠦ᠌ ᠬᠡᠯᠡ ᠪᠢᠴᠢᠭ ᠦ᠋ᠨ ᠠᠯᠪᠠᠨ ᠭᠡᠷ ᠡᠴᠡ ︽ ᠰᠢᠯᠢᠳᠡᠭ ᠵᠣᠬᠢᠶᠠᠭᠴᠢ ︾ ᠵᠢᠨ ᠢᠷᠠᠭᠤ ᠠᠯᠳᠠᠷ ᠣᠯᠭᠤᠪᠠ ᠃