ᠨᠡᠷ᠎ᠡ:
ᠨᠠ ᠰᠦᠯᠳᠡ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
1955 ᠣᠨ ᠳ᠋ᠥ ᠲᠥᠷᠦᠵᠡᠢ ᠃ 1982 ᠣᠨ ᠳ᠋ᠥ ᠥᠪᠦᠷ ᠮᠣᠩᠭᠤᠯ ᠤ᠋ᠨ ᠪᠠᠭᠰᠢ ᠵᠢᠨ ᠶᠡᠬᠡ ᠰᠤᠷᠭᠠᠭᠤᠯᠢ ᠵᠢᠨ ᠮᠣᠩᠭᠤᠯ ᠭᠡᠯᠡ ᠪᠢᠴᠢᠭ ᠤᠳᠭ᠎ᠠ ᠵᠣᠬᠢᠶᠠᠯ ᠤ᠋ᠨ ᠰᠠᠯᠪᠤᠷᠢ ᠠᠴᠠ ᠲᠡᠭᠦᠰᠴᠦ ᠂ ᠤᠷᠢᠳ ᠬᠣᠵᠢᠳ ᠤᠷᠠᠳ ᠤᠨ ᠳᠤᠮᠳᠠᠳᠤ ᠬᠣᠰᠢᠭᠤᠨ ᠤ᠋ ᠮᠣᠩᠭᠤᠯ ᠦᠨᠳᠦᠰᠦᠲᠡᠨ ᠦ᠌ ᠳᠤᠮᠳᠠᠳᠤ ᠰᠤᠷᠭᠠᠭᠤᠯᠢ ᠂ ᠬᠣᠰᠢᠭᠤᠨ ᠤ᠋ ᠰᠤᠷᠭᠠᠨ ᠬᠥᠮᠦᠵᠢᠯ ᠦ᠋ᠨ ᠲᠣᠪᠴᠢᠶᠠᠨ ᠳ᠋ᠥ ᠠᠵᠢᠯᠯᠠᠵᠤ ᠂ 2016 ᠣᠨ ᠤ᠋ 6 ᠰᠠᠷ᠎ᠠ ᠳ᠋ᠥ ᠠᠵᠢᠯ ᠤᠨ ᠠᠮᠠᠷᠠᠯᠲᠠ ᠪᠠᠨ ᠠᠪᠤᠪᠠ ᠃ ᠲᠡᠷᠡ ᠣᠳᠣ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠪᠠᠶᠠᠨᠨᠠᠭᠤᠷ ᠬᠤᠳᠠ ᠵᠢᠨ ᠵᠣᠬᠢᠶᠠᠯᠴᠢᠳ ᠤ᠋ᠨ ᠨᠡᠢᠭᠡᠮᠯᠢᠭ ᠦ᠋ᠨ ᠳᠡᠳ᠋ ᠲᠡᠷᠢᠭᠦᠯᠡᠭᠴᠢ ᠂ ᠤᠷᠠᠳ ᠤᠨ ᠳᠤᠮᠳᠠᠳᠤ ᠬᠣᠰᠢᠭᠤᠨ ᠤ᠋ ᠵᠣᠬᠢᠶᠠᠯᠴᠢᠳ ᠤ᠋ᠨ ᠨᠡᠢᠭᠡᠮᠯᠢᠭ ᠦ᠋ᠨ ᠲᠡᠷᠢᠭᠦᠯᠡᠭᠴᠢ ᠪᠡᠷ ᠪᠤᠢ ᠃ ᠵᠣᠬᠢᠶᠠᠯᠴᠢ ᠂ ᠢᠷᠠᠭᠤ ᠨᠠᠢᠷᠠᠭᠴᠢ᠃ ᠨᠠ ᠰᠦᠯᠳᠡ 20 ᠳ᠋ᠤᠭᠠᠷ ᠵᠠᠭᠤᠨ ᠤ 80 ᠣᠨ ᠠ᠋ᠴᠠ ᠰᠣᠨᠢᠨ ᠰᠡᠳᠭᠦᠯ ᠳᠡᠭᠡᠷ᠎ᠡ ᠵᠣᠬᠢᠶᠠᠯ ᠨᠡᠢᠲᠡᠯᠡᠨ ᠂ 2000 ᠣᠨ ᠠ᠋ᠴᠠ ᠬᠣᠢᠰᠢ ︽ ᠮᠢᠨᠤ ᠬᠥᠬᠡ ᠲᠡᠭᠷᠢ ︾ ᠰᠢᠯᠦᠭ ᠦ᠋ᠨ ᠲᠡᠭᠦᠪᠦᠷᠢ ᠂ ︽ ᠮᠢᠨᠤ ᠮᠠᠷᠭᠠᠰᠢ ︾ ᠭᠢᠯᠪᠡᠭᠡᠨ ᠥᠭᠦᠯᠡᠯᠭᠡ ᠵᠢᠨ ᠲᠡᠭᠦᠪᠦᠷᠢ ᠂ ︽ ᠠᠯᠳᠠᠨ ᠪᠦᠷᠭᠦᠳ ︾ ᠱᠣᠭ ᠶᠠᠷᠢᠶ᠎ᠠ ᠂ ᠵᠦᠴᠦᠭᠡ ᠵᠢᠨ ᠲᠡᠭᠦᠪᠦᠷᠢ ᠂ ︽ ᠰᠣᠶᠤᠯ ᠭᠡᠭᠡᠷᠡᠯ ᠦ᠋ᠨ ᠵᠠᠮ ᠳ᠋ᠥ ︾ ᠥᠭᠦᠯᠡᠯ ᠂ ᠰᠣᠨᠢᠨ ᠮᠡᠳᠡᠭᠡᠨ ᠦ᠌ ᠲᠡᠭᠦᠪᠦᠷᠢ ᠂ ︽ ᠨᠠᠢᠵᠢ ᠵᠢᠨ ᠪᠣᠯᠵᠤᠭ᠎ᠠ ︾ ᠬᠠᠮᠲᠤ ᠰᠤᠷᠤᠯᠭᠠᠲᠠᠨ ᠤ᠋ ᠳᠤᠷᠠᠰᠤᠮᠵᠢ ᠂ ︽ ᠳᠣᠬᠢᠭᠤᠷ ᠲᠤᠯᠤᠭᠠᠨ ᠣᠳᠣ ︾ ᠬᠢᠲᠠᠳ ᠬᠡᠯᠡᠨ ᠦ᠌ ᠵᠣᠬᠢᠶᠠᠯ ᠤ᠋ᠨ ᠲᠡᠭᠦᠪᠦᠷᠢ ᠵᠡᠷᠭᠡ ᠶᠢ ᠬᠡᠪᠯᠡᠨ ᠲᠠᠷᠬᠠᠭᠠᠭᠰᠠᠨ ᠪᠠᠢᠨ᠎ᠠ ᠃ ᠲᠡᠷᠡ ᠪᠣᠯ ᠤᠷᠠᠳ ᠤᠨ ᠳᠤᠮᠳᠠᠳᠤ ᠬᠣᠰᠢᠭᠤᠨ ᠤ᠋ ᠤᠳᠭ᠎ᠠ ᠤᠷᠠᠯᠢᠭ ᠤᠨ ᠬᠣᠯᠪᠤᠭ᠎ᠠ ᠂ ᠵᠣᠬᠢᠶᠠᠯᠴᠢᠳ ᠤ᠋ᠨ ᠨᠡᠢᠭᠡᠮᠯᠢᠭ ᠢ᠋ ᠡᠷᠬᠢᠯᠡᠨ ᠨᠠᠢᠷᠠᠭᠤᠯᠤᠭᠰᠠᠨ ︽ ᠤᠷᠠᠳ ᠤᠳᠭ᠎ᠠ ᠤᠷᠠᠯᠢᠭ ︾ ᠰᠡᠳᠭᠦᠯ ᠦ᠋ᠨ ᠶᠡᠷᠦᠩᠬᠡᠢ ᠨᠠᠢᠷᠠᠭᠤᠯᠤᠭᠴᠢ ᠮᠥᠨ᠃ 2012 ᠣᠨ ᠳ᠋ᠥ ᠤᠷᠠᠳ ᠤᠨ ᠳᠤᠮᠳᠠᠳᠤ ᠬᠣᠰᠢᠭᠤᠨ ᠤ᠋ ᠵᠣᠬᠢᠶᠠᠯᠴᠢᠳ ᠤ᠋ᠨ ᠰᠢᠯᠢᠳᠡᠭ ᠤᠷᠠᠨ ᠵᠣᠬᠢᠶᠠᠯ ᠤ᠋ᠨ ᠲᠡᠭᠦᠪᠦᠷᠢ ︽ ᠬᠤᠨ ᠤ ᠭᠠᠩᠭᠠᠨᠠᠭ᠎ᠠ ︾ ᠲᠡᠭᠦᠪᠦᠷᠢ ᠶᠢ ᠨᠠᠢᠷᠠᠭᠤᠯᠤᠨ ᠬᠡᠪᠯᠡᠭᠦᠯᠪᠡ ᠃ ᠡᠳᠦᠭᠡ ︽ ᠰᠡᠳᠭᠢᠯ ᠦ᠋ᠨ ᠬᠠᠨ ᠬᠠᠷᠴᠠᠭᠠᠢ ︾ ᠨᠠᠢᠷᠠᠭᠤᠯᠤᠯ ᠤ᠋ᠨ ᠲᠡᠭᠦᠪᠦᠷᠢ ︽ ᠰᠣᠭᠲᠤᠭᠤ ᠴᠢᠳᠭᠦᠷ ︾ ᠂ ︽ ᠲᠣᠯᠢ ᠭᠣᠣᠯ ᠤ᠋ᠨ ᠳᠡᠨᠵᠢᠨ ᠳ᠋ᠥ ︾ ᠭᠡᠬᠦ ᠵᠡᠷᠭᠡ ᠲᠤᠭᠤᠵᠢ ᠷᠣᠮᠠᠨ ᠢ᠋ᠶ᠋ᠠᠨ ᠲᠤᠭᠤᠷᠪᠢᠨ ᠪᠢᠴᠢᠵᠦ ᠪᠤᠢ ᠃ ︽ ᠮᠢᠨᠤ ᠡᠭᠡ ᠣᠷᠤᠨ ︾ ᠬᠣᠶᠠᠳᠠᠬᠢ ᠰᠢᠯᠦᠭ ᠦ᠋ᠨ ᠲᠡᠭᠦᠪᠦᠷᠢ ᠂ ᠳᠣᠯᠤᠭ᠎ᠠ ᠳ᠋ᠠᠬᠢ ᠨᠣᠮ ᠨᠢ 2016 ᠣᠨ ᠳ᠋ᠥ ᠬᠡᠪᠯᠡᠯ ᠳ᠋ᠥ ᠣᠷᠤᠵᠤ ᠂ ᠤᠳᠠᠬᠤ ᠦᠭᠡᠢ ᠤᠯᠠᠨ ᠤ ᠬᠠᠷᠠᠭ᠎ᠠ ᠶᠢ ᠪᠠᠶᠠᠰᠭᠠᠬᠤ ᠪᠠᠢᠬ᠎ᠠ ᠃
Copyight 2016 by nmgmzw.gov.cn All Rights Reserved