ᠨᠡᠷ᠎ᠡ:
ᠨᠠ ᠂ ᠰᠸᠮᠵᠢᠳ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
᠂1963 ᠣᠨ ᠣ 8 ᠰᠠᠷ᠎ᠠ ᠶᠢᠨ14 ᠳ᠋ᠥ ᠬᠥᠯᠦᠨ ᠪᠤᠢᠷ ᠬᠣᠲᠠ ᠶ᠋ᠢᠨ ᠡᠸᠡᠩᠬᠢ ᠦᠨᠳᠦᠰᠦᠲᠡᠨ ᠣ ᠥᠪᠡᠷᠲᠡᠭᠡᠨ ᠵᠠᠰᠠᠬᠤ ᠬᠣᠰᠢᠭᠤᠨ ᠣ ᠰᠢᠨᠡᠬᠡᠨ ᠨᠤᠲᠤᠭ ᠲᠤ᠌ ᠪᠤᠳᠤᠩᠭᠤᠳ ᠣᠪᠤᠭ ᠣᠨ ᠨᠠᠮᠨᠠᠨᠳᠤᠷᠵᠢ ᠬᠢᠭᠡᠳ ᠲᠤᠭᠲᠤᠷ ᠬᠤᠸᠠᠰᠠᠢ ᠣᠪᠤᠭ ᠣᠨ ᠴᠡᠪᠡᠭᠮᠢᠳ ᠣᠨ ᠤᠤᠭᠠᠨ ᠦᠷ᠎ᠡ ᠪᠣᠯᠤᠨ ᠵᠠᠶᠠᠭᠠᠵᠠᠢ ᠃ ᠲᠡᠷᠡᠪᠡᠷ ᠪᠤᠷᠢᠶᠠᠳ ᠮᠣᠩᠭᠤᠯ ᠦᠨᠳᠦᠰᠦᠲᠡᠨ ᠂ ᠬᠣᠯᠪᠤᠭ᠎ᠠ ᠭᠡᠬᠦ ᠪᠠᠷᠢᠭᠠᠳᠠ ᠶᠢᠨ ᠰᠤᠷᠭᠠᠭᠤᠯᠢ ᠳ᠋ᠥ ᠠᠩᠬᠠᠨ ᠣ ᠰᠤᠷᠤᠯᠭ᠎ᠠ ᠪᠠᠨ ᠡᠬᠢᠯᠡᠭᠦᠯᠦᠭᠰᠡᠨ ᠢ᠋ᠶ᠋ᠡᠨ1985 ᠣᠨ ᠳ᠋ᠥ ᠥᠪᠦᠷ ᠮᠣᠩᠭᠤᠯ ᠣᠨ ᠮᠣᠩᠭᠤᠯ ᠬᠡᠯᠡ ᠪᠢᠴᠢᠭ ᠣᠨ ᠰᠤᠷᠭᠠᠭᠤᠯᠢ ᠠᠴᠠ ᠲᠡᠭᠦᠰᠴᠦ ᠂ ᠮᠠᠨᠵᠤᠤᠷ ᠬᠣᠲᠠ ᠶ᠋ᠢᠨ ᠦᠨᠳᠦᠰᠦᠲᠡᠨ ᠱᠠᠰᠢᠨ ᠰᠤᠷᠲᠠᠬᠤᠨ ᠣ ᠬᠡᠷᠡᠭ ᠡᠷᠬᠢᠯᠡᠬᠦ ᠲᠣᠪᠴᠢᠶ᠎ᠠ ᠳ᠋ᠥ ᠠᠵᠢᠯ ᠣᠨ ᠭᠠᠷᠤᠭ᠎ᠠ ᠠᠪᠴᠤ ᠂1987 ᠣᠨ ᠳ᠋ᠥ ᠬᠥᠯᠦᠨ ᠪᠤᠢᠷ ᠬᠣᠲᠠ ᠶ᠋ᠢᠨ ᠤᠷᠠᠯᠢᠭ ᠣᠨ ᠣᠷᠳᠤᠨ ᠳ᠋ᠥ ᠠᠵᠢᠯ ᠰᠢᠯᠵᠢᠨ ᠢᠷᠡᠭᠰᠡᠨ ᠢ᠋ᠶ᠋ᠡᠨ ᠣᠳᠣ ᠪᠣᠯᠲᠠᠯ᠎ᠠ ᠠᠵᠢᠯᠯᠠᠭᠰᠠᠭᠠᠷ ᠃ ᠨᠠ ᠂ ᠰᠸᠮᠵᠢᠳ ᠬᠠᠷᠠᠬᠠᠨ ᠪᠠᠭ᠎ᠠ ᠠᠴᠠ ᠪᠠᠨ ᠪᠤᠷᠢᠶᠠᠳ ᠠᠷᠠᠳ ᠣᠨ ᠠᠮᠠᠨ ᠦᠯᠢᠭᠡᠷ ᠰᠣᠨᠤᠰᠴᠤ ᠥᠰᠦᠭᠰᠡᠨ ᠪᠣᠯᠬᠣᠷ ᠢᠷᠠᠭᠤ ᠨᠠᠢᠷᠠᠭ ᠲᠤ᠌ ᠮᠠᠰᠢ ᠬᠣᠷᠤᠬᠠᠢ ᠲᠠᠢ ᠂ ᠠᠷᠪᠠᠨ ᠬᠡᠳᠦᠨ ᠨᠠᠰᠤᠨ ᠠᠴᠠ ᠪᠠᠨ ᠮᠥᠷᠲᠦ ᠤᠳ ᠢ᠋ ᠬᠣᠯᠪᠤᠵᠤ ᠡᠬᠢᠯᠡᠭᠰᠡᠨ ᠢ᠋ᠶ᠋ᠡᠨ1980 ᠣᠨ ᠤ᠋ ᠳᠤᠮᠳᠠᠳᠤ ᠰᠤᠷᠭᠠᠭᠤᠯᠢ ᠪᠠᠨ ᠲᠡᠭᠦᠰᠬᠦ ᠵᠢᠯ ᠢ᠋ᠶ᠋ᠡᠨ ᠲᠡᠷᠡ︽ ᠪᠤᠷᠢᠶᠠᠳ ᠪᠦᠰᠡᠭᠦᠢ ︾ ᠭᠡᠬᠦ ᠰᠢᠯᠦᠭ ᠢ᠋ᠶ᠋ᠡᠨ ᠬᠥᠯᠦᠨ ᠪᠤᠢᠷ ᠤ᠋ᠨ ᠡᠳᠦᠷ ᠣᠨ ᠰᠣᠨᠢᠨ ᠳ᠋ᠥ ᠨᠡᠢᠲᠡᠯᠡᠭᠦᠯᠪᠡ ᠃ 2007 ᠣᠨ ᠳ᠋ᠥ ︽ ᠾᠦᠩᠨᠦ ᠶᠢᠨ ᠬᠠᠷ᠎ᠠ ᠨᠢᠳᠦᠨ ᠥᠬᠢᠨ ︾ ᠭᠡᠬᠦ ᠰᠢᠯᠦᠭ ᠣᠨ ᠨᠣᠮ ᠢ᠋ᠶ᠋ᠠᠨ ᠬᠡᠪᠯᠡᠭᠦᠯᠵᠡᠢ ᠃ ᠣᠳᠣ ︽ ᠪᠤᠷᠢᠶᠠᠳ ᠬᠤᠪᠴᠠᠰᠤ ᠵᠠᠰᠠᠯ ︾ ᠭᠡᠬᠦ ᠰᠡᠳᠦᠪ ᠲᠠᠢ ᠨᠣᠮ ᠢ᠋ᠶ᠋ᠠᠨ ᠬᠡᠪᠯᠡᠯ ᠳ᠋ᠥ ᠲᠤᠰᠢᠶᠠᠭᠠᠳ ᠪᠤᠢ ᠃ ᠲᠡᠭᠦᠨ ᠣ ᠲᠥᠯᠦᠭᠡᠯᠡᠬᠦ ᠴᠢᠨᠠᠷ ᠲᠠᠢ ᠪᠦᠲᠦᠭᠡᠯ ᠄ 《ᠡᠴᠢᠭᠡ ᠶᠢᠨ ᠭᠣᠯᠤᠮᠲᠠ ᠳ᠋ᠥ ᠪᠠᠭᠲᠠᠳᠠᠭ ᠦᠭᠡᠢ ᠥᠬᠢᠨ ᠵᠠᠶᠠᠭ᠎ᠠ》 ᠂ 《ᠾᠦᠩᠨᠦ ᠶᠢᠨ ᠬᠠᠷ᠎ᠠ ᠨᠢᠳᠦᠨ ᠥᠬᠢᠨ》 ᠂《 ᠥᠪᠡᠷ ᠢ᠋ ᠪᠡᠨ ᠪᠤᠷᠬᠠᠨ ᠭᠡᠵᠦ ᠦᠭᠡᠢ ᠡᠵᠢ ᠮᠢᠨᠢ》 ᠂ 《ᠪᠢ ᠥᠪᠦᠷ ᠮᠣᠩᠭᠤᠯ ᠥᠬᠢᠨ》 ᠂《 ᠪᠤᠷᠢᠶᠠᠳ》 ︵ ᠳᠠᠭᠤᠨ ᠣ ᠦᠭᠡ ︶ ᠵᠡᠷᠭᠡ ᠪᠤᠢ ᠃ 2018 ᠣᠨ ᠳ᠋ᠥ ︽ ᠰᠣᠯᠤᠩᠭ᠎ᠠ ︾ ᠱᠠᠩᠨᠠᠯ ᠬᠦᠷᠲᠡᠪᠡ ᠃
Copyight 2016 by nmgmzw.gov.cn All Rights Reserved