ᠨᠡᠷ᠎ᠡ:
ᠪᠠ ᠂ ᠲᠣᠭᠤᠰ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
᠂ ᠤᠷᠠᠳ ᠨᠤᠲᠤᠭ ᠲᠠᠢ ᠂ ᠬᠥᠬᠡ ᠮᠣᠷᠢᠨ ᠵᠢᠯ ᠲᠠᠢ ︵1954.12.21) ᠂ ᠪᠤᠷᠬᠠᠨ ᠵᠠᠶᠠᠭ᠎ᠠ ᠪᠠᠨ ᠳᠡᠭᠡᠳᠦᠯᠡᠵᠦ ᠂ ᠥᠷᠦᠭᠡᠯ ᠪᠤᠰᠤᠳ ᠣᠨ ᠦᠷ᠎ᠡ ᠶ᠋ᠢᠨ ᠲᠥᠯᠦᠭᠡ ᠨᠠᠰᠤ ᠪᠠᠷ ᠢᠶᠠᠨ ᠵᠢᠳᠭᠦᠭᠰᠡᠨ ᠪᠠᠭᠰᠢ ᠶᠢᠨ ᠠᠯᠪᠠ ᠲᠠᠢ ᠂ ᠢᠷᠠᠭᠤ ᠨᠠᠢᠷᠠᠭ ᠢ᠋ᠶ᠋ᠠᠷ ᠠᠮᠢᠳᠤᠷᠠᠯ ᠢᠶᠠᠨ ᠰᠦᠯᠡᠵᠦ ᠶᠠᠪᠤᠭ᠎ᠠ ᠡᠮᠡᠭᠲᠡᠢ ᠵᠣᠬᠢᠶᠠᠯᠴᠢ ᠃ 1974 ᠣᠨ ᠳ᠋ᠤ᠌ ᠤᠤᠭᠠᠨ ᠰᠢᠯᠦᠭ ᠢ᠋ᠶ᠋ᠡᠨ ︽ ᠪᠠᠶᠠᠨᠨᠠᠭᠤᠷ ᠣᠠ ᠰᠣᠨᠢᠠ ︾ ᠳᠤ ᠨᠡᠢᠲᠡᠯᠡᠭᠦᠯᠦᠭᠰᠡᠨ ᠡᠴᠡ ᠬᠣᠢᠢᠰᠢ ︽ ᠥᠪᠦᠷ ᠮᠣᠩᠭᠤᠯ ᠣᠨ ᠰᠣᠨᠢᠨ ︾ ᠂ ︽ ᠪᠠᠶᠠᠨᠨᠠᠭᠤᠷ ᠣᠨ ᠰᠣᠨᠢᠨ ︾ ᠂ ︽ ᠵᠠᠯᠠᠭᠤ ᠵᠣᠬᠢᠶᠠᠯᠴᠢ ︾ ᠂ ︽ ᠪᠤᠭᠤᠲᠤ ᠶ᠋ᠢᠨ ᠣᠴᠢ ︾ ᠂ ︽ ᠴᠣᠯᠮᠤᠨ ︾ ᠂ ︽ ᠥᠨᠢᠷ ᠴᠡᠴᠡᠭ ︾ ᠂ ︽ᠬᠤᠨ ᠭᠠᠯᠠᠭᠤ ︾ ᠂ ︽ ᠲᠤᠷᠤᠭ ᠰᠠᠷᠠᠨ᠎ᠠ ︾ ᠂ ︽ ᠮᠥᠩᠬᠡ ᠲᠤᠯᠭ᠎ᠠ ︾ ᠂ ︽ ᠰᠢᠷ᠎ᠠ ᠮᠥᠷᠡᠨ ︾ ᠂ ︽ ᠬᠥᠯᠦᠨ ᠪᠤᠢᠷ ︾ ᠵᠡᠷᠭᠡ ᠰᠣᠨᠢᠨ ᠰᠡᠳᠭᠦᠯ ᠦ᠋ᠳ ᠪᠣᠯᠤᠨ ︽ ᠮᠣᠩᠭᠤᠯ ᠭᠡᠷ ᠬᠣᠯᠪᠤᠭᠠᠯᠠᠯ ︾ ᠂ ︽ ᠲᠠᠯ᠎ᠠ ᠶ᠋ᠢᠨ ᠪᠦᠷᠭᠦᠳ ︾ ᠂ ︽ ᠬᠣᠯᠪᠤᠭ᠎ᠠ ᠰᠦᠯᠵᠢᠶᠡᠨ ︾ ᠵᠡᠷᠭᠡ ᠳ᠋ᠦ᠍ ᠮᠣᠩᠭᠤᠯ ᠢᠨᠲ᠋ᠧᠷᠨᠧᠲ ᠰᠦᠯᠵᠢᠶᠡᠨ ᠳ᠋ᠦ᠍ 400 ᠭᠠᠷᠤᠢ ᠰᠢᠯᠦᠭ᠂ ᠨᠠᠢᠷᠠᠭᠤᠯᠤᠯ ᠵᠢᠠᠠ ᠨᠡᠢᠲᠡᠯᠡᠭᠦᠯᠵᠦ ᠰᠣᠨᠤᠷᠳᠠᠭᠤᠯᠵᠤ ᠶᠠᠪᠤᠵᠠᠢ ᠃ ᠨᠢᠭᠡ ᠃ ᠨᠣᠮ ᠲᠡᠭᠦᠪᠦᠷᠢ ᠳ᠋ᠦ᠍ ᠰᠣᠩᠭᠤᠭᠳᠠᠨ ᠨᠡᠢᠲᠡᠯᠡᠭᠳᠡᠭᠰᠡᠨ ᠵᠣᠬᠢᠶᠠᠯ ᠪᠦᠲᠦᠭᠡᠯ ᠄ ①1994 ᠣᠨ ᠳ᠋ᠤ᠌ ᠂ ︽ ᠮᠣᠩᠭᠤᠯ ᠦᠨᠳᠦᠰᠦᠲᠡᠨ ᠣ ᠣᠳᠣ ᠦᠶ᠎ᠡ ᠶ᠋ᠢᠨ ᠵᠠᠯᠠᠭᠤ ᠰᠢᠯᠦᠭᠴᠢᠳ ᠣᠨ ᠤᠶᠠᠩᠭ᠎ᠠ ᠶᠢᠨ ᠣᠬᠤᠷ ᠰᠢᠯᠦᠭ ᠣᠨ ᠰᠣᠩᠭᠤᠮᠠᠯ ︾ ᠂ ︽ ᠳᠤᠭ ︾ ᠰᠢᠯᠦᠭ ᠰᠣᠩᠭᠤᠭᠳᠠᠨ ᠣᠷᠤᠪᠠ ᠃ ②1998 ᠣᠨ ᠳ᠋ᠤ᠌ ᠂ ︽ ᠴᠢᠮ᠎ᠠ ᠳ᠋ᠠᠭᠠᠨ ︾ ᠭᠡᠰᠡᠨ ᠠᠳᠠᠯᠢ ᠭᠠᠷᠴᠠᠭᠲᠤ ᠢᠨᠠᠭ ᠣᠨ ᠰᠢᠯᠦᠭ ᠣᠨ ᠰᠣᠩᠭᠤᠮᠠᠯ ᠳ᠋ᠤ᠌ ᠨᠢᠭᠡ ᠰᠢᠯᠦᠭ ᠰᠣᠩᠭᠤᠭᠳᠠᠨ ᠣᠷᠤᠪᠠ ᠃ ③ 2002 ᠣᠨ ᠳ᠋ᠤ᠌ ᠂ ︽ ᠲᠤᠤᠯᠢ ᠶ᠋ᠢᠨ ᠨᠣᠭᠤᠭᠠᠨ ᠭᠣᠪᠢ ︾ ᠤᠷᠠᠨ ᠵᠣᠬᠢᠶᠠᠯ ᠣᠨ ᠲᠡᠭᠦᠪᠦᠷᠢ ᠳ᠋ᠦ᠍ ︽ ᠨᠠᠷᠨ ᠰᠢᠲᠦᠭᠰᠡᠨ ᠢᠲᠡᠭᠡᠯ ︾ ᠨᠠᠢᠷᠠᠭᠤᠯᠤᠯ ᠨᠢ ᠰᠤᠩᠭᠤᠨᠳᠠᠪᠠ ᠃ ④2010 ᠣᠨ ᠳ᠋ᠤ᠌ ᠂ ᠲᠤᠰ ᠬᠥᠮᠦᠨ ᠣ ᠨᠠᠮᠲᠠᠷ ︽ᠤᠷᠠᠳ ᠮᠡᠷᠭᠡᠳ ︾ ᠲᠡᠭᠦᠪᠦᠷᠢ ᠳ᠋ᠦ᠍ ᠰᠣᠩᠭᠤᠭᠳᠠᠨ ᠲᠠᠨᠢᠯᠴᠠᠭᠤᠯᠤᠭᠳᠠᠵᠤ ᠂ ︽ ᠤᠷᠠᠨ ᠤᠷᠠᠳ ︾ ᠲᠡᠭᠦᠪᠦᠷᠢ ᠳ᠋ᠦ᠍︽ ᠤᠷᠠᠳ ᠨᠤᠲᠤᠭ ᠰᠠᠷᠠᠭᠤᠯ ᠳᠡᠯᠡᠬᠡᠢ ︾ ᠵᠡᠷᠭᠡ ᠠᠷᠪᠠᠨ ᠰᠢᠯᠦᠭ ᠰᠣᠩᠭᠤᠭᠳᠠᠵᠠᠢ ᠃ ⑤2010 ᠣᠨ ᠳ᠋ᠤ᠌ ᠂ ︽ ᠰᠦᠯᠵᠢᠶᠡᠨ ᠣ ᠠᠨᠳᠠ ᠨᠤᠭᠤᠳ ᠣᠨ ᠰᠢᠨ᠎ᠡ ᠰᠢᠯᠦᠭ ᠣᠨ ᠲᠡᠭᠦᠪᠦᠷᠢ ︾ ᠳ᠋ᠦ᠍︽ ᠨᠠᠷᠠᠨ ᠣ ᠬᠡ ᠲᠠᠢ ᠰᠢᠯᠦᠭᠡᠨ ᠡᠮᠦᠰᠭᠡᠯ ︾ ᠰᠢᠯᠦᠭ ᠰᠤᠩᠭᠤᠨᠳᠠᠪᠠ ᠃ ⑥2011 ᠣᠨ ᠳ᠋ᠤ᠌ ︽ ᠰᠦᠯᠵᠢᠶᠡᠨ ᠣ ᠪᠦᠰᠡᠭᠦᠢ ᠰᠢᠯᠦᠭᠴᠢᠳ ᠣᠨ ᠰᠢᠨ᠎ᠡ ᠰᠢᠯᠦᠭ ︾ ᠲᠡᠭᠦᠪᠦᠷᠢ ᠳ᠋ᠦ᠍ ︽ ᠰᠡᠳᠭᠢᠯ ᠣᠨ ᠳᠡᠭᠷᠢ ︾ ᠰᠢᠯᠦᠭ ᠰᠣᠩᠭᠤᠭᠳᠠᠨ ᠨᠡᠢᠲᠡᠯᠡᠭᠳᠡᠪᠡ ᠃ ⑦ 2015 ᠣᠨ ᠳ᠋ᠤ᠌ ︽ ᠪᠢ ᠢᠲᠡᠭᠡᠳᠡᠭ ︾ ᠰᠢᠯᠦᠭ ᠂ ︽ ᠪᠠᠶᠠᠨ ᠨᠠᠭᠤᠷ ᠣᠨ ᠰᠣᠨᠢᠨ ᠣ ᠸᠢᠴᠠᠲ ︾ ᠳ᠋ᠤ᠌ ᠨᠡᠢᠲᠡᠯᠡᠭᠳᠡᠭᠰᠡᠨ ᠡᠴᠡ ᠬᠣᠢᠰᠢ ᠣᠳᠣ ᠪᠣᠯᠲᠠᠯ᠎ᠠ ︽ ᠮᠥᠩᠬᠡ ᠶ᠋ᠢᠨ ᠭᠠᠯ ᠰᠣᠶᠤᠯ ᠵᠠᠭᠤᠴᠢ ︾ ᠂ ︽ ᠳᠡᠭᠷᠢᠯᠢᠭ ᠲᠠᠪᠢᠯᠠᠩ ︾ ᠂ ︽ ᠥᠪᠦᠷ ᠮᠣᠩᠭᠤᠯ ᠣᠨ ᠰᠢᠨ᠎ᠡ ᠬᠠᠷᠠᠭᠠᠰᠤ ︾ ᠵᠡᠷᠭᠡ ᠸᠢᠴᠠᠲ ᠪᠠᠷ ᠳᠠᠮᠵᠢᠭᠳᠠᠨ ᠰᠠᠴᠤᠭᠳᠠᠪᠠ ᠃ ⑧ 2016 ᠣᠨ ᠳ᠋ᠤ᠌ ︽ ᠡᠳᠦᠷ ᠪᠣᠯᠭᠠᠨ ᠤᠷᠮ᠎ᠠ ᠬᠠᠢᠷᠠᠯᠠᠵᠤ ᠠᠮᠢᠳᠤᠷᠠᠭᠠᠷᠠᠢ ︾ ᠰᠢᠯᠦᠭ ᠬᠣᠯᠪᠤᠭ᠎ᠠ ᠰᠦᠯᠵᠢᠶ᠎ᠡ ᠳ᠋ᠦ᠍ ᠨᠡᠢᠲᠡᠯᠡᠭᠳᠡᠭᠰᠡᠨ ᠡᠴᠡ ᠬᠣᠢᠰᠢ ︽ ᠪᠠᠶᠠᠨ ᠨᠠᠭᠤᠷ ᠣᠨ ᠰᠣᠨᠢᠨ ᠣ ᠸᠢᠴᠠᠲ ︾ ᠂ ︽ ᠮᠥᠩᠬᠡ ᠶ᠋ᠢᠨ ᠭᠠᠯ ᠰᠣᠶᠤᠯ ᠵᠠᠭᠤᠴᠢ ︾ ᠵᠡᠷᠭᠡ ᠸᠢᠴᠠᠲ ᠪᠠᠷ ᠳᠠᠮᠵᠢᠭᠳᠠᠨ ᠰᠠᠴᠤᠭᠳᠠᠪᠠ ᠃ ⑨2017 ᠣᠨ ᠳ᠋ᠤ᠌ ︽ ᠠᠩᠬᠠᠨ ᠣ ᠴᠠᠰᠤ ᠂ ᠰᠣᠷᠭᠤᠭ ᠴᠡᠴᠡᠭ ᠂ ᠵᠣᠬᠢᠶᠠᠯᠴᠢ ᠪᠦᠰᠡᠭᠦᠢ ︾ ᠨᠠᠢᠷᠠᠭᠤᠯᠤᠯ ᠪᠠᠶᠠᠨ ᠨᠠᠭᠤᠷ ᠣᠨ ᠰᠣᠨᠢᠨ ᠸᠢᠴᠠᠲ ᠪᠠᠷ ᠳᠠᠮᠵᠢᠭᠳᠠᠨ ᠰᠠᠴᠤᠭᠳᠠᠪᠠ ᠃ ⑩ 2018 ᠣᠨ ᠳ᠋ᠤ᠌ ︽ ᠮᠢᠨᠤ ᠡᠭᠡ ᠣᠷᠤᠨ ᠮᠥᠩᠬᠡ ᠲᠡᠭᠷᠢ ᠶ᠋ᠢᠨ ᠳᠠᠮᠠᠭ᠎ᠠ ᠲᠠᠢ ︾ ᠰᠢᠯᠦᠭ ᠂ ︽ ᠮᠥᠩᠬᠡ ᠲᠤᠯᠭ᠎ᠠ ︾ ᠸᠢᠴᠠᠲ ᠪᠠᠷ ᠳᠠᠮᠵᠢᠭᠳᠠᠨ ᠰᠠᠴᠤᠭᠳᠠᠪᠠ ᠃ ᠬᠤᠶᠠᠷ ᠃ ᠤᠷᠠᠨ ᠵᠣᠬᠢᠶᠠᠯ ᠣᠨ ᠵᠣᠬᠢᠶᠠᠯ ᠪᠦᠲᠦᠭᠡᠯ ᠣᠨ ᠱᠠᠩᠨᠠᠯ ᠬᠦᠷᠲᠡᠭᠰᠡᠨ ᠲᠤᠬᠠᠢ ᠄ ① 1990 ᠣᠨ ᠳ᠋ᠤ᠌ ︽ ᠬᠦᠦ ᠮᠢᠨᠢ ᠂ ᠨᠠᠷᠠ ᠠ ︾ ᠭᠡᠳᠡᠭ ᠰᠢᠯᠦᠭ ᠂ ︽ᠵᠠᠯᠠᠭᠤ ᠵᠣᠬᠢᠶᠠᠯᠴᠢ ︾ ᠰᠡᠳᠭᠦᠯ ᠣᠨ ᠭᠤᠷᠪᠠᠳᠤᠭᠠᠷ ᠳᠠᠰ ᠣᠨ ᠰᠠᠩᠨᠠᠯ ᠬᠦᠷᠲᠡᠪᠡ ᠃ ② 1991 ᠣᠨ ᠳ᠋ᠤ᠌ ᠂ ︽ ᠠᠪᠤ ᠶ᠋ᠢᠨ ᠰᠤᠷᠭᠠᠯ ︾ ᠰᠢᠯᠦᠭ ᠂ ᠪᠠᠶᠠᠨᠨᠠᠭᠤᠷ ᠣᠨ ᠰᠣᠨᠢᠨ ᠣ ᠬᠣᠷᠢᠶᠠᠨ ᠣ ᠰᠢᠯᠢᠳᠡᠭ ᠰᠠᠩᠨᠠᠯ ᠬᠦᠷᠲᠡᠪᠡ ᠃ ③1995 ᠣᠨ ᠳ᠋ᠤ᠌ ᠂ ︽ ᠵᠢᠷᠦᠬᠡᠨ ᠳ᠋ᠦ᠍ ᠰᠦᠮᠪᠦᠷᠯᠡᠬᠦ ᠡᠭᠡ ᠣᠷᠤᠨ ︾ ᠰᠢᠯᠦᠭ ᠂ ᠪᠠᠶᠠᠨᠨᠠᠭᠤᠷ ᠣᠨ ᠰᠣᠨᠢᠨ ᠣ ᠬᠣᠷᠢᠶᠠᠨ ᠣ ᠭᠤᠷᠪᠠᠳᠤᠭᠠᠷ ᠳᠠᠰ ᠣᠨ ᠱᠠᠩᠨᠠᠯ ᠬᠦᠷᠲᠡᠪᠡ ᠃ ④1997 ᠣᠨ ᠳ᠋ᠤ᠌ ᠂ ︽ ᠮᠠᠷᠭᠠᠰᠢ ᠶᠢᠨ ᠨᠠᠷᠨ ᠡᠨᠳᠡ ᠡᠴᠡ ᠮᠠᠨᠳᠤᠨ᠎ᠠ ︾ ᠨᠠᠢᠷᠠᠭᠤᠯᠤᠯ ᠂ ᠪᠠᠶᠠᠨ ᠨᠠᠭᠤᠷ ᠣᠨ ᠰᠣᠨᠢᠨ ᠣ ᠬᠣᠷᠢᠶᠠᠨ ᠣ ᠭᠤᠷᠪᠠᠳᠤᠭᠠᠷ ᠳᠠᠰ ᠣᠨ ᠱᠠᠩᠨᠠᠯ ᠬᠦᠷᠲᠡᠪᠡ ᠃ ⑤2001 ᠣᠨ ᠳ᠋ᠤ᠌ ᠂ ︽ ᠬᠦᠰᠡᠯ ᠵᠣᠷᠢᠭ ᠲᠡᠭᠷᠢ ᠶ᠋ᠢᠨ ᠬᠠᠶᠠᠭᠠᠨ᠎ᠠ ᠵᠣᠷᠢᠨᠠᠮ ︾ ᠨᠠᠢᠷᠠᠭᠤᠯᠤᠯ ᠂ ᠪᠠᠶᠠᠨ ᠨᠠᠭᠤᠷ ᠣᠨ ᠰᠣᠨᠢᠨ ᠣ ᠬᠣᠷᠢᠶᠠᠨ ᠣ ᠭᠤᠷᠪᠠᠳᠤᠭᠠᠷ ᠳᠠᠰ ᠣᠨ ᠱᠠᠩᠨᠠᠯ ᠬᠦᠷᠲᠡᠪᠡ ᠃᠂᠂ ⑥2005 ᠣᠨ ᠳ᠋ᠤ᠌ ︽ ᠲᠡᠭᠷᠢ ᠶ᠋ᠢᠨ ᠬᠦᠯᠦᠭ︾ ᠨᠠᠢᠷᠠᠭᠤᠯᠤᠯ ᠂ ︽ ᠰᠢᠷ᠎ᠠ ᠮᠥᠷᠡᠨ ︾ ᠰᠡᠳᠭᠦᠯ ᠣᠠ ᠮᠣᠷᠢᠨ ᠤ᠋ ᠰᠡᠳᠦᠪᠲᠦ ᠵᠣᠬᠢᠶᠠᠯ ᠪᠤᠢᠳᠣᠬᠡᠯ ᠣᠠ ᠰᠢᠯᠭᠠᠷᠠᠭᠤᠯᠤᠯᠲᠠ ᠳᠤ ︽ ᠭᠤᠷᠪᠠᠳᠤᠭᠠᠷ ᠳᠡᠰ ᠣᠠ ᠱᠠᠩᠨᠠᠯ ︾ ᠬᠦᠷᠲᠡᠪᠡ ᠃ ⑦2006 ᠣᠨ ᠳ᠋ᠤ᠌ ︽ ᠬᠥᠯᠦᠨ ᠪᠤᠢᠷ ᠲᠤ᠌ ᠨᠢᠭᠡ ᠬᠦᠷᠬᠦ ᠰᠠᠨ ︾ ᠰᠢᠯᠦᠭ ︽ ᠬᠥᠯᠦᠨ ᠪᠤᠢᠷ︾ ᠰᠡᠳᠭᠦᠯ ᠣᠠ ᠰᠢᠯᠢᠳᠡᠭ ᠵᠣᠬᠢᠶᠠᠯ ᠢ᠋ᠶ᠋ᠠᠷ ᠱᠠᠩᠨᠠᠭᠳᠠᠪᠠ᠃ ᠭᠤᠷᠪᠠ ᠃ ᠥᠪᠡᠷ ᠣᠨ ᠤᠷᠠᠨ ᠵᠣᠬᠢᠶᠠᠯ ᠣᠨ ᠲᠡᠭᠦᠪᠦᠷᠢ ᠪᠠ ᠤᠷᠠᠳ ᠲᠡᠦᠬᠡ ᠰᠣᠶᠤᠯ ᠣᠨ ᠬᠡᠪᠯᠡᠭᠳᠡᠭᠰᠡᠨ ᠨᠣᠮ ᠣᠨ ᠲᠤᠬᠠᠢ ᠄ ① 2000 ᠣᠨ ᠳ᠋ᠤ᠌ ︽ ᠲᠠᠯ᠎ᠠ ᠳᠤ ᠤᠨᠠᠭᠰᠠᠨ ᠬᠠᠢᠷ᠎ᠠ ︾ ᠬᠡᠰᠠᠠ ᠰᠢᠯᠦᠭ ᠦ᠋ᠨ ᠲᠡᠭᠦᠪᠦᠷᠢ ᠪᠠᠨ ᠬᠡᠪᠯᠡᠭᠦᠯᠵᠡᠢ ᠃ ② 2016 ᠣᠨ ᠳ᠋ᠤ᠌ ︽ ᠰᠡᠳᠭᠢᠯ ᠣᠨ ᠷᠠᠰᠢᠶᠠᠨ ︾ ᠭᠡᠬᠦ ᠨᠠᠢᠷᠠᠭᠤᠯᠤᠯ ᠣᠨ ᠲᠡᠭᠦᠪᠦᠷᠢ ᠶ᠋ᠢ ᠡᠮᠬᠢᠳᠭᠡᠨ ᠬᠡᠪᠯᠡᠭᠦᠯᠵᠡᠢ ᠃ ③ 2013 ᠣᠨ ᠳ᠋ᠤ᠌ ᠵᠢᠷᠠᠨᠲᠠᠢ ᠪᠠᠭᠰᠢ ᠶᠢ ᠬᠠᠪᠰᠤᠷᠴᠤ ᠨᠠᠢᠷᠠᠭᠤᠯᠤᠭᠰᠠᠨ ︽ ᠤᠷᠠᠳ ᠠᠢᠮᠠᠭ ᠣᠨ ᠲᠡᠦᠬᠡ ᠰᠣᠶᠤᠯ ᠤ᠋ᠨ ᠴᠢᠭᠤᠯᠭᠠᠨ ︾ ᠭᠡᠬᠦ ᠳᠡᠭᠡᠳᠦ ᠳᠣᠣᠷᠠᠳᠤ ᠨᠣᠮ ᠢ᠋ ᠬᠡᠪᠯᠡᠭᠦᠯᠵᠡᠢ ᠃ ④ 2014 ᠣᠨ ᠳ᠋ᠤ᠌ ᠂ ᠪᠢᠯᠢᠭ ᠪᠠᠭᠰᠢ ᠲᠠᠢ ᠬᠠᠮᠲᠤᠷᠠᠵᠤ ︽ ᠤᠷᠠᠳ ᠲᠡᠦᠬᠡ ᠰᠣᠶᠤᠯ ︾ ᠭᠡᠰᠡᠨ ᠨᠣᠮ ᠢ᠋ ᠨᠠᠢᠷᠠᠭᠤᠯᠤᠨ ᠬᠡᠪᠯᠡᠭᠦᠯᠵᠡᠢ ᠃ ᠳᠥᠷᠪᠡ ᠃ ᠲᠤᠰ ᠬᠥᠮᠦᠨ ᠣ ᠲᠤᠬᠠᠢ ᠣᠢᠷ᠎ᠠ ᠶ᠋ᠢᠨ ᠬᠡᠳᠦᠨ ᠵᠢᠯ ᠣᠨ ᠮᠡᠳᠡᠭᠡᠯᠡᠯ ᠄ ① 2014-09-09 ᠪᠠᠶᠠᠭᠤᠳ ᠠᠯᠲᠠᠨᠭᠠᠳᠠᠰᠤ ︽ ᠬᠣᠯᠪᠤᠭ᠎ᠠ ᠰᠦᠯᠵᠢᠶᠡᠨ ︾ ᠳᠡᠭᠡᠷ᠎ᠡ ᠤᠷᠠᠳ ᠤᠷᠠᠨ ᠵᠣᠬᠢᠶᠠᠯ ᠣᠨ ᠰᠤᠳᠤᠯᠤᠯ ᠣᠨ ᠥᠭᠦᠯᠡᠯ ︽ ᠪᠠ ᠂ ᠲᠣᠭᠤᠰ ᠣᠨ ᠤᠷᠠᠨ ᠪᠦᠲᠦᠭᠡᠯ ᠦᠨ ᠲᠤᠬᠠᠢ ︾ ᠥᠭᠦᠯᠡᠯ ᠢ᠋ᠶ᠋ᠡᠨ ᠨᠡᠢᠲᠡᠯᠡᠪᠡ ᠃ ③ 2015.12.01 ᠪᠠᠶᠠᠨᠨᠠᠭᠤᠷ ᠣᠨ ᠡᠳᠦᠷ ᠣᠨ ᠰᠣᠨᠢᠨ ᠣ ᠮᠣᠩᠭᠤᠯ ᠰᠣᠨᠢᠨ ᠪᠣᠯᠤᠨ ᠸᠢᠴᠠᠲ ᠳᠡᠭᠡᠷ᠎ᠡ ︽ ᠲᠠᠯ᠎ᠠ ᠶ᠋ᠢᠨ ᠴᠡᠴᠡᠭ ᠣᠨ ᠳᠤᠮᠳᠠ ᠡᠴᠡ ᠳᠡᠪᠳᠡᠷᠢᠨ ᠳᠡᠭᠦᠯᠢᠭᠰᠡᠨ ᠲᠣᠭᠤᠰ ︾ ᠭᠡᠰᠡᠨ ᠭᠠᠷᠴᠠᠭ ᠢᠶᠠᠷ ᠲᠤᠰ ᠬᠥᠮᠦᠨ ᠣ ᠲᠤᠬᠠᠢ ᠰᠤᠷᠪᠤᠯᠵᠢᠯᠠᠭ᠎ᠠ ᠶᠢ ᠨᠡᠢᠲᠡᠯᠡᠪᠡ ᠃ ④ 2015-12-14 ︽ ᠳᠤᠮᠳᠠᠳᠤ ᠤᠯᠤᠰ ᠣᠨ ᠮᠣᠩᠭᠤᠯ ᠰᠤᠳᠤᠯᠤᠯ ᠣᠨ ᠰᠤᠷᠠᠭ ᠵᠠᠩᠭᠢ ᠶ᠋ᠢᠨ ᠰᠦᠯᠵᠢᠶ᠎ᠡ ︾ ᠳᠡᠭᠡᠷ᠎ᠡ ᠣᠳᠣ ᠦᠶ᠎ᠡ ᠶ᠋ᠢᠨ ᠤᠳᠭ᠎ᠠ ᠵᠣᠬᠢᠶᠠᠯ ᠪᠤᠯᠤᠩ ᠳ᠋ᠤ᠌ ︽ ᠪᠠ ᠂ ᠲᠣᠭᠤᠰ ᠣᠨ ᠤᠷᠠᠨ ᠪᠦᠲᠦᠭᠡᠯ ᠦᠨ ᠲᠤᠬᠠᠢ ︾ ᠲᠤᠰᠭᠠᠢ ᠲᠠᠨᠢᠯᠴᠠᠭᠤᠯᠭ᠎ᠠ ᠶ᠋ᠢ ᠨᠡᠢᠲᠡᠯᠡᠵᠦ ᠲᠠᠨᠢᠯᠴᠠᠭᠤᠯᠪᠠ ᠃
Copyight 2016 by nmgmzw.gov.cn All Rights Reserved