ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠨᠠᠮᠰᠠᠷᠠᠢ ᠵᠢᠨ ᠰᠢᠷᠠᠬᠦᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

1943.7.7 ᠤᠤᠯ ᠤᠨ ᠤᠯᠠᠭᠠᠨᠴᠠᠪ ᠴᠢᠭᠤᠯᠭᠠᠨ ᠤ ᠤᠷᠠᠳ ᠤᠨ ᠳᠤᠮᠳᠠᠳᠤ ᠭᠦᠩ ᠦ᠋ᠨ ᠬᠣᠰᠢᠭᠤᠨ ᠤ᠋ ᠭᠣᠣᠯ ᠰᠤᠮᠤ ᠵᠢᠨ ᠲᠠᠢᠵᠢ ᠤᠬᠰᠠᠭᠠᠳᠠᠨ ᠤ ᠭᠡᠷ ᠲᠦ᠍ ᠲᠦᠷᠦᠪᠡ ᠃ ᠣᠳᠣ ᠵᠢᠨ ᠰᠠᠭᠤᠵᠤ ᠪᠠᠢᠬᠤ ᠭᠠᠵᠠᠷ ᠪᠣᠯ ᠪᠠᠶᠠᠠᠨᠠᠭᠤᠷ ᠬᠤᠳᠠ ᠵᠢᠨ ᠤᠷᠠᠳ ᠤᠨ ᠳᠤᠮᠳᠠᠳᠤ ᠬᠣᠰᠢᠭᠤᠨ ᠤ᠋ ᠭᠠᠬᠴᠠᠮᠤᠳᠤ ᠪᠠᠯᠭᠠᠰᠤᠨ ᠤ ᠲᠡᠷᠡᠰᠤ ᠭᠠᠴᠠᠭᠠᠨ ‍ᠳ᠋ᠥ ᠰᠠᠭᠤᠵᠤ ᠪᠤᠢ ᠃ 1962 ᠣᠨ ‍ᠳ᠋ᠥ ᠪᠠᠭ᠎ᠠ ᠰᠤᠷᠭᠠᠭᠤᠯᠢ ᠪᠠᠨ ᠲᠡᠭᠦᠰᠴᠦ ᠬᠥᠳᠡᠭᠡ ᠨᠤᠲᠤᠭ ᠲᠠᠭᠨ᠎ᠠ ᠪᠤᠴᠠᠵᠤ ᠢᠷᠡᠭᠡᠳ ᠤᠷᠠᠳ ᠭᠣᠪᠢ ᠨᠤᠲᠤᠭ ᠲᠠᠭᠠᠨ ᠨᠢᠭᠡ ᠨᠠᠰᠤᠨ ᠤ ᠮᠠᠯᠴᠢᠨ ᠤ ᠠᠮᠢᠳᠤᠷᠠᠯ ᠵᠢᠠᠨ ᠡᠬᠢᠯᠡᠭᠦᠯᠪᠡ ᠃ 1973 ᠣᠨ ‍ᠳ᠋ᠥ ᠪᠠᠶᠠᠨ ᠨᠠᠭᠤᠷ ᠤᠨ ᠰᠣᠨᠢᠨ ᠂ ᠥᠪᠦᠷ ᠮᠣᠩᠭᠤᠯ ᠤ᠋ᠨ ᠡᠳᠦᠷ ᠦ᠋ᠨ ᠰᠣᠨᠢᠨ ᠂ ᠥᠪᠦᠷ ᠮᠣᠩᠭᠤᠯ ᠤ᠋ᠨ ᠷᠠᠳᠢᠣ᠋ ᠨᠡᠪᠲᠡᠷᠡᠭᠦᠯᠭᠡ ᠵᠢᠨ ᠬᠣᠷᠢᠶᠠᠨ ᠠ᠋ᠴᠠ ᠳᠥᠴᠢᠨ ᠡᠳᠦᠷ ᠦ᠋ᠨ ᠪᠣᠯᠪᠠᠰᠤᠷᠠᠯ ᠤ᠋ᠨ ᠬᠤᠷᠠᠯ  ᠢ ᠲᠡᠭᠦᠰᠭᠡᠭᠡᠳ ᠲᠡᠷᠡ ᠴᠠᠭ ᠦᠶ᠎ᠡ ᠡᠴᠡ ᠡᠬᠢᠯᠡᠨ ᠡᠯ᠎ᠡ ᠰᠣᠨᠢᠨ ᠮᠡᠳᠡᠭᠡᠨ ᠦ᠌ ᠴᠢᠮᠡᠭᠡᠯᠡᠭᠴᠢ ᠪᠤᠯᠤᠬᠰᠠᠨ ᠪᠢᠯᠡ ᠃ ᠮᠡᠳᠡᠭᠡᠯᠡᠯ ᠴᠢᠮᠡᠭᠡᠯᠡᠬᠦ ᠠᠵᠢᠯ ᠤᠨ ᠳᠤᠮᠳᠠ ᠪᠠᠨ ᠬᠣᠯᠪᠤᠭ᠎ᠠ ᠰᠢᠯᠦᠭ ᠂ ᠢᠷᠠᠭᠤ ᠨᠠᠢᠷᠠᠭ ᠂ ᠥᠭᠦᠯᠡᠯᠭᠡ ᠨᠠᠢᠷᠠᠭᠤᠯᠤᠯ ᠵᠡᠷᠭᠡ  ᠶᠢ ᠦᠷᠭᠦᠯᠵᠢ ᠪᠢᠴᠢᠵᠦ ᠪᠠᠶᠠᠠᠨᠠᠭᠤᠷ ᠤᠨ ᠤᠷᠠᠨ ᠵᠣᠬᠢᠶᠠᠯ ᠂ ᠥᠪᠦᠷ ᠮᠣᠩᠭᠤᠯ ᠤ᠋ᠨ ᠵᠠᠯᠠᠭᠤᠴᠤᠳ ᠰᠡᠳᠭᠦᠯ ᠵᠡᠷᠭᠡ ᠰᠣᠨᠢᠨ ᠰᠡᠳᠭᠦᠯ ‍ᠳ᠋ᠥ ᠪᠠᠢᠩᠭᠤ ᠡᠭᠡ ᠪᠢᠴᠢᠭ ᠪᠢᠴᠢᠵᠦ ᠡᠳᠦᠭᠡ ᠪᠣᠯᠲᠠᠯ᠎ᠠ ᠳᠥᠴᠢᠨ ᠵᠢᠷᠭᠤᠭᠠᠨ ᠵᠢᠯ ‍ᠳ᠋ᠥ ᠮᠣᠩᠭᠤᠯ ᠦᠭᠡ ᠭᠡᠯᠡ ᠦᠰᠦᠭ ᠪᠢᠴᠢᠭ ᠡᠴᠡ ᠪᠠᠨ ᠨᠢᠭᠡ ᠡᠳᠦᠷ  ᠴᠦ ᠰᠠᠯᠤᠯ ᠦᠭᠡᠢ ᠪᠡᠷ ᠥᠪᠡᠷ ᠦ᠋ᠨ ᠨᠠᠮ ᠲᠦᠷᠦ ᠡᠭᠡ ᠣᠷᠤᠨ ᠦᠨᠳᠦᠰᠦᠲᠡᠨ ᠦ᠌ ᠲᠥᠯᠦᠭᠡ ᠡᠭᠡ ᠪᠢᠴᠢᠭ ᠨᠣᠮ ᠵᠣᠬᠢᠶᠠᠯ ᠵᠢᠠᠨ ᠲᠤᠭᠤᠷᠪᠢᠨ ᠪᠢᠴᠢᠭᠰᠡᠭᠡᠷ ᠪᠢᠯᠡ ᠃ ᠡᠨᠡᠬᠦ ᠤᠷᠳᠤ ᠤᠳᠠᠭᠠᠨ ᠳᠥᠴᠢ ᠭᠠᠷᠤᠢ ᠵᠢᠯ ᠦ᠋ᠨ ᠳᠣᠲᠤᠷ᠎ᠠ ᠰᠣᠨᠢᠨ ᠮᠡᠳᠡᠭᠡᠨ ᠦ᠌ ᠰᠢᠯᠢᠳᠡᠭ ᠴᠢᠮᠡᠭᠡᠯᠡᠭᠴᠢ ᠪᠡᠷ ᠭᠤᠴᠢ ᠭᠠᠷᠤᠢ ᠵᠢᠯ ᠬᠥᠬᠢᠭᠦᠯᠦᠭᠳᠡᠨ ᠱᠠᠩᠨᠠᠬᠳᠠᠵᠤ ᠰᠠᠢᠰᠢᠶᠠᠭᠳᠠᠨ ᠮᠣᠩᠭᠤᠯ ᠦᠭᠡ ᠭᠡᠯᠡ ᠦᠰᠦᠭ ᠪᠢᠴᠢᠭ ᠰᠤᠷᠴᠤ ᠬᠡᠷᠡᠭᠯᠡᠭᠰᠡᠨ ᠲᠡᠷᠢᠭᠦᠨ ᠦ᠌ ᠵᠢᠱ᠌ᠢᠶᠡᠴᠢ ᠪᠠ ᠪᠤᠰᠤᠳ ᠤᠷᠠᠨ ᠵᠣᠬᠢᠶᠠᠯ ᠤ᠋ᠨ ᠲᠠᠯ᠎ᠠ ᠪᠠᠷ ᠴᠤ᠌ ᠥᠨᠳᠦᠷ ᠦᠨᠡᠯᠡᠯᠲᠡ ᠶ᠋ᠢ ᠣᠯᠤᠭᠰᠠᠭᠠᠷ ᠢᠷᠡᠵᠡᠢ ᠃ 1979 ᠣᠨ ᠠ᠋ᠴᠠ ᠡᠬᠢᠯᠡᠨ ᠰᠣᠨᠢᠨ ᠮᠡᠳᠡᠭᠡᠯᠡᠯ ᠦ᠋ᠨ ᠠᠵᠢᠯ ᠤᠨ ᠵᠢᠠᠨ ᠳᠤᠮᠳᠠ ᠲᠤᠭᠤᠵᠢ ᠪᠤᠶᠤ ᠷᠣᠮᠠᠨ ᠤ᠋ ᠵᠣᠬᠢᠶᠠᠨ ᠪᠢᠴᠢᠬᠦ ᠤᠷᠮ᠎ᠠ ᠰᠡᠳᠭᠢᠯᠭᠡ ᠪᠤᠢ ᠪᠣᠯᠵᠤ ᠲᠡᠷᠡ ᠦᠶ᠎ᠡ ᠡᠴᠡ ᠡᠬᠢᠯᠡᠨ ᠤᠯᠠᠨ ᠣᠨ ᠵᠢᠯ ᠦ᠋ᠨ ᠲᠤᠷᠰᠢᠳᠠ ᠠᠬᠠᠮᠠᠳ ᠮᠠᠯᠴᠢᠳ ᠤᠨ ᠲᠡᠦᠬᠡᠨ ᠳ᠋ᠦ᠍ ᠬᠠᠲᠠᠭᠤ ᠬᠡᠴᠡᠭᠦᠦ ᠲᠡᠮᠡᠴᠡᠯ ᠦ᠋ᠨ ᠥᠩᠭᠡᠷᠡᠯᠲᠡ ᠵᠢ ᠥᠩᠭᠡᠷᠡᠭᠡᠭᠰᠡᠨ ᠬᠥᠮᠦᠰ ᠦ᠋ᠨ ᠪᠣᠳᠠᠲᠠᠢ ᠥᠩᠭᠡᠷᠡᠯᠲᠡ ᠲᠡᠦᠬᠡ ᠶ᠋ᠢ ᠲᠡᠮᠳᠡᠭᠯᠡᠨ ᠠᠪᠤᠭᠰᠠᠨ ᠵᠢᠠᠨ ᠨᠢᠭᠡᠨ ᠢᠵᠢ ᠵᠣᠬᠢᠶᠠᠯ ᠪᠣᠯᠭᠠᠬᠤ ᠰᠡᠳᠭᠢᠯ ᠲᠥᠷᠦᠭᠳᠡᠨ ᠲᠡᠷᠡ ᠦᠶ᠎ᠡ ᠡᠴᠡ ᠡᠬᠢᠯᠡᠨ ᠣᠳᠣ ᠵᠢᠨ ︽ ᠪᠤᠭᠤᠷᠤᠯ ᠭᠣᠪᠢ ︾ ᠭᠡᠰᠡᠨ ᠷᠣᠮᠠᠨ ᠵᠢᠠᠨ ᠲᠤᠭᠤᠷᠪᠢᠨ ᠪᠢᠴᠢᠪᠡ ᠃ ᠲᠤᠰ ᠵᠣᠬᠢᠶᠠᠯ ᠢ᠋ ᠪᠢᠴᠢᠬᠦ ᠶᠠᠪᠤᠴᠠ ᠳᠤᠮᠳᠠ ᠪᠤᠰᠤᠳ ᠮᠡᠳᠡᠭᠡᠯᠡᠯ ᠴᠢᠮᠡᠭᠡᠯᠡᠬᠦ ᠂ ᠭᠣᠪᠢ ᠨᠤᠲᠤᠭ ᠲᠠᠭᠠᠨ ᠲᠡᠮᠡᠭᠡ ᠮᠠᠯ ᠵᠢᠠᠨ ᠬᠠᠷᠢᠭᠤᠯᠬᠤ ᠠᠵᠢᠯ ᠵᠢᠠᠨ ᠶᠡᠷᠦ ᠣᠷᠬᠢᠭ᠎ᠠ ᠦᠭᠡᠢ ᠪᠥᠭᠡᠳ ᠨᠠᠶᠠᠭᠠᠳ ᠣᠨ ᠠ᠋ᠴᠠ ᠶᠡᠷᠡᠭᠡᠳ ᠣᠨ ᠤ᠋ ᠰᠡᠭᠦᠯᠴᠢ ᠪᠣᠯᠲᠠᠯ᠎ᠠ ᠡᠭᠡ ᠨᠣᠣᠷᠠᠭ ᠵᠢᠠᠨ ᠪᠠᠷᠤᠭ ᠪᠦᠷ ᠬᠥᠳᠡᠭᠡ ᠬᠡᠭᠡᠷ᠎ᠡ ᠰᠦᠷᠦᠭ ᠦ᠋ᠨ ᠵᠢᠠᠨ ᠳᠡᠷᠭᠡᠳᠡ ᠪᠢᠴᠢᠵᠦ ᠥᠷᠯᠦᠭᠡ ᠦᠳᠡᠰᠢ ᠵᠢᠨ ᠴᠠᠭ  ᠢ ᠵᠠᠪᠳᠤᠨ ᠡᠮᠬᠢᠳᠭᠡᠵᠦ ᠶᠠᠪᠤᠬᠰᠠᠭᠠᠷ ᠬᠣᠷᠢᠨ ᠨᠢᠭᠡᠳᠦᠭᠡᠷ ᠵᠠᠭᠤᠨ ᠤ᠋ ᠡᠬᠢ ᠪᠣᠯᠬᠤ ‍ᠳ᠋ᠥ ︽ ᠪᠤᠭᠤᠷᠤᠯ ᠭᠣᠪᠢ ︾ ᠷᠣᠮᠠᠨ ᠮᠠᠨᠢ ᠨᠢᠭᠡᠨᠲᠡ ᠡᠭᠡ ᠪᠢᠴᠢᠭ ᠵᠠᠰᠠᠵᠤ ᠨᠠᠢᠷᠠᠭᠤᠯᠤᠭᠠᠳ 2014 ᠣᠨ ‍ᠳ᠋ᠥ ᠬᠡᠪᠯᠡᠯᠲᠡ ‍ᠳ᠋ᠥ ᠣᠷᠤᠵᠤ ᠮᠥᠨ ᠵᠢᠯ ᠦ᠋ᠨ ᠡᠪᠦᠯ ᠬᠡᠪᠯᠡᠭᠳᠡᠨ ᠭᠠᠷᠴᠤ 2015.1.18 ᠤ ᠡᠳᠦᠷ ᠨᠣᠮ ᠲᠠᠷᠬᠠᠭᠠᠬᠤ ᠶᠤᠰᠤᠯᠠᠯ ᠪᠠᠨ ᠶᠠᠪᠤᠭᠤᠯᠵᠤ ︽ ᠪᠤᠭᠤᠷᠤᠯ ᠭᠣᠪᠢ ︾ ᠭᠡᠰᠡᠨ ᠷᠣᠮᠠᠨ ᠮᠠᠨᠢ ᠲᠦᠭ ᠲᠦᠮᠡᠨ ᠮᠣᠩᠭᠤᠯ ᠤᠩᠰᠢᠬᠴᠢᠳ ᠲᠠᠢ ᠵᠤᠯᠭᠠᠬᠰᠠᠨ ᠪᠢᠯᠡ ᠃ 2015 ᠣᠨ ᠤ᠋ 7 ‍ᠳ᠋ᠤᠭᠠᠷ ᠰᠠᠷ᠎ᠠ ᠵᠢᠨ 3 ᠤ ᠡᠳᠦᠷ ᠥᠪᠦᠷ ᠮᠣᠩᠭᠤᠯ ᠤ᠋ᠨ ᠤᠳᠭ᠎ᠠ ᠵᠣᠬᠢᠶᠠᠯ ᠤ᠋ᠨ ᠬᠠᠮᠤᠭ ᠤᠨ ᠥᠨᠳᠦᠷ ᠱᠠᠩᠨᠠᠯ ︽ ᠰᠣᠯᠤᠩᠭ᠎ᠠ ︾ ᠱᠠᠩᠨᠠᠯ  ᠢ ᠲᠤᠰᠪᠠ ᠃ ᠡᠭᠦᠨ ᠡᠴᠡ ᠭᠠᠳᠠᠨ᠎ᠠ ᠪᠠᠶᠠᠠᠨᠠᠭᠤᠷ ᠬᠤᠳᠠ ᠵᠢᠨ ᠤᠳᠭ᠎ᠠ ᠤᠷᠠᠯᠢᠭ ᠤᠨ ᠬᠣᠯᠪᠤᠭ᠎ᠠ ᠂ ᠤᠷᠠᠳ ᠤᠨ ᠳᠤᠮᠳᠠᠳᠤ ᠬᠣᠰᠢᠭᠤᠨ ᠤ᠋ ᠤᠳᠭ᠎ᠠ ᠤᠷᠠᠯᠢᠭ ᠤᠨ ᠬᠣᠯᠪᠤᠭ᠎ᠠ ᠪᠣᠯᠤᠨ ᠭᠠᠬᠴᠠᠮᠤᠳᠤ ᠵᠠᠰᠠᠭ ᠤᠨ ᠣᠷᠳᠤᠨ ᠂ ᠲᠡᠷᠡᠰᠤ ᠭᠠᠴᠠᠭᠠᠨ ᠤ ᠵᠥᠪᠯᠡᠯ ᠦ᠋ᠨ ᠬᠥᠬᠢᠭᠦᠯᠦᠯ ᠱᠠᠩᠨᠠᠯ  ᠢ ᠳᠠᠷᠠᠭ᠎ᠠ ᠳᠠᠷᠠᠭ᠎ᠠ ᠪᠠᠷ ᠲᠤᠰᠴᠤ ᠥᠩᠭᠡᠷᠡᠪᠡ ᠃ ᠮᠢᠨᠤ ᠡᠨᠡ ᠨᠢᠭᠡ ᠨᠠᠰᠤ ᠪᠠᠨ ᠬᠥᠳᠡᠭᠡ ᠵᠢᠨ ᠰᠠᠯᠬᠢᠨ ᠪᠣᠷᠤᠭᠠᠨ ᠬᠠᠯᠠᠭᠤᠨ ᠬᠦᠢᠲᠡᠨ ᠦ᠌ ᠴᠠᠭ ᠤᠯᠠᠷᠢᠯ  ᠢ ᠢᠯᠭᠠᠯ ᠦᠭᠡᠢ ᠪᠡᠷ ᠤᠷᠠᠳ ᠭᠣᠪᠢ ᠬᠠᠩᠭᠠᠢ ᠨᠤᠲᠤᠭ ᠲᠠᠭᠠᠨ ᠰᠣᠶᠤᠯ ᠤ᠋ᠨ ᠶᠡᠬᠡᠬᠡᠨ ᠦᠢᠯᠡᠰ ᠵᠢᠠᠨ ᠪᠦᠳᠦᠭᠡᠭᠦ ᠵᠢᠨ ᠲᠥᠯᠦᠭᠡ ᠴᠢᠷᠮᠠᠢᠨ ᠵᠢᠳᠭᠦᠵᠦ ᠂ ᠣᠶᠤᠨ ᠤᠬᠠᠭᠠᠨ ᠤ ᠪᠤᠢ ᠪᠦᠭᠦᠢ ᠬᠦᠴᠦᠨ ᠲᠠᠮᠢᠷ ᠵᠢᠠᠨ ᠢᠪᠡᠭᠡᠨ ᠠᠵᠢᠯᠯᠠᠬᠰᠠᠭᠠᠷ ᠢᠷᠡᠭᠰᠡᠨ ᠨᠢᠭᠡ ᠨᠠᠰᠤ ᠪᠢᠯᠡ ᠃ ᠨᠠᠰᠤ ᠮᠢᠨᠢ ᠥᠲᠡᠯᠵᠦ ᠬᠦᠭᠰᠢᠷᠡᠭᠰᠡᠨ  ᠴᠦ ᠬᠠᠷᠢᠨ ᠥᠪ ᠰᠣᠶᠤᠯ ᠵᠢᠠᠨ ᠪᠢᠴᠢᠵᠦ ᠤᠷᠤᠯᠳᠤᠬᠤ ᠡᠷᠴᠢ ᠵᠣᠷᠢᠭ ᠮᠢᠨᠢ ᠥᠴᠦᠬᠡᠨ   ᠴᠦ ᠰᠤᠯᠠᠷᠠᠭ᠎ᠠ ᠦᠭᠡᠢ ᠪᠢᠯᠡ ᠃ ᠠᠩᠬᠠᠨ ᠤ ᠪᠦᠲᠦᠭᠡᠯ ︽ ᠪᠤᠭᠤᠷᠤᠯ ᠭᠣᠪᠢ ︾ ᠮᠢᠨᠢ ᠥᠨᠳᠦᠷ ᠠᠮᠵᠢᠯᠲᠠ ᠤᠯᠤᠬᠰᠠᠨ ‍ᠳ᠋ᠥ ᠤᠯᠠᠮ ᠢᠯᠡᠭᠦᠦ ᠤᠷᠮ᠎ᠠ ᠵᠣᠷᠢᠭ ᠣᠷᠬᠢᠯᠠᠵᠤ ᠵᠠᠯᠭᠠᠭ᠎ᠠ ᠪᠠᠷ ︽ ᠭᠣᠪᠢ ᠵᠢᠨ ᠰᠢᠨᠳᠠᠰᠤ ︾ ᠭᠡᠰᠡᠨ ᠷᠣᠮᠠᠨ ᠵᠢᠠᠨ ᠪᠢᠴᠢᠵᠦ ᠪᠠᠷᠠᠭᠠᠳ ᠬᠢᠨᠠᠭᠴᠢ ᠪᠠᠬᠰᠢ ᠪᠠᠷ ᠵᠠᠰᠠᠭᠤᠯᠵᠤ ᠪᠠᠢᠬᠤ ᠪᠥᠭᠡᠳ ᠭᠤᠷᠪᠠᠳᠠᠬᠢ ᠷᠣᠮᠠᠨ ︽ ᠲᠡᠮᠡᠭᠡᠲᠦ ᠵᠢᠨ ᠭᠣᠪᠢ ︾ ᠭᠡᠰᠡᠨ ᠵᠣᠬᠢᠶᠠᠯ ᠵᠢᠠᠨ ᠤᠳᠤ  ᠠᠴᠠ ᠡᠬᠢᠯᠡᠨ ᠪᠢᠴᠢᠵᠦ ᠪᠠᠢᠨ᠎ᠠ ᠃ ᠬᠤᠶᠠᠷ ᠭᠤᠷᠪᠠᠳᠠᠬᠢ ᠵᠣᠬᠢᠶᠠᠯ ᠮᠢᠨᠢ ᠪᠡᠶᠡᠯᠡᠭᠳᠡᠵᠦ ᠴᠢᠳᠠᠪᠠᠯ ᠤᠷᠠᠳ ᠨᠤᠲᠤᠭ ᠤ᠋ᠨ ᠲᠡᠦᠬᠡᠨ ‍ᠳ᠋ᠥ ᠭᠤᠷᠪᠠᠨ ᠷᠣᠮᠠᠨ ᠵᠢᠠᠨ ᠬᠣᠪᠤᠷ ᠡᠷᠳᠡᠨᠢ ᠪᠣᠯᠭᠠᠨ ᠦᠯᠡᠳᠡᠭᠡᠵᠦ ᠬᠣᠵᠢᠮ ᠬᠤᠶᠢᠴᠢ ᠦᠷ᠎ᠡ ᠠᠴᠢᠨᠠᠷ ᠦᠢ ᠲᠦᠮᠡᠨ ᠮᠣᠩᠭᠤᠯᠴᠤᠳ ᠲᠠᠭᠠᠨ ᠦᠨᠢᠳᠡ ᠵᠢᠨ ᠨᠠᠨᠳᠢᠨ ᠥᠪ ᠪᠣᠯᠭᠠᠨ ᠦᠯᠡᠳᠡᠭᠡᠬᠦ ᠬᠦᠰᠡᠯᠡᠩ ᠲᠠᠢ ᠪᠢᠯᠡ ᠃ ᠰᠠᠨᠠᠵᠤ ᠶᠠᠪᠤᠪᠠᠯ ᠪᠦᠲᠦᠳᠡᠭ ᠶᠤᠮ ᠂ ᠰᠠᠵᠢᠯᠠᠵᠤ ᠶᠠᠪᠤᠪᠠᠯ ᠬᠦᠷᠳᠡᠭ ᠶᠤᠮ ᠭᠡᠰᠡᠨ ᠠᠷᠠᠳ ᠤᠨ ᠰᠡᠴᠡᠨ ᠦᠭᠡ ᠪᠣᠯ ᠮᠢᠨᠤ ᠡᠭᠦᠷᠢᠳᠡ ᠵᠢᠨ ᠤᠷᠤᠬᠰᠢ ᠲᠡᠮᠡᠤᠯᠡᠭᠦ ᠡᠷᠬᠢᠮ ᠵᠣᠷᠢᠯᠲᠠ ᠪᠢᠯᠡ ᠃