ᠨᠡᠷ᠎ᠡ:
ᠹᠦᠰᠡᠩ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠹᠦᠰᠡᠩ ( 1943—— ) ᠬᠢᠨᠠᠨ ᠣᠷᠴᠢᠭᠤᠯᠤᠭᠴᠢ᠂ ᠵᠣᠬᠢᠶᠠᠯᠴᠢ᠃ ᠦᠪᠥᠷ ᠮᠣᠩᠭᠣᠯ ᠤᠨ ᠵᠣᠣ ᠤᠳᠠ ᠠᠢᠮᠠᠭ ᠤᠨ ᠣᠩᠨᠢᠭᠤᠳ ᠬᠣᠰᠢᠭᠤᠨ ᠳᠤ ᠲᠦᠷᠥᠵᠡᠢ᠃ ᠣᠨᠳᠣᠣ ᠨᠡᠷ᠎ᠡ ᠨᠢ ᠰᠢᠲᠵᠢᠨᠭᠦᠦ᠃ 1967 ᠣᠨ ᠳᠤ ᠦᠪᠥᠷ ᠮᠣᠩᠭᠣᠯ ᠤᠨ ᠶᠡᠬᠡ ᠰᠤᠷᠭᠠᠭᠤᠯᠢ ᠠᠴᠠ ᠲᠡᠭᠦᠰᠴᠦ ᠤᠯᠠᠭᠠᠨᠬᠠᠳᠠ ᠵᠢᠨ ᠨᠢᠭᠡᠳᠦᠭᠡᠷ ᠳᠤᠮᠳᠠᠳᠤ ᠰᠤᠷᠭᠠᠭᠤᠯᠢ ᠳᠤ ᠪᠠᠭᠰᠢ ᠵᠢᠨ ᠠᠵᠢᠯ ᠬᠢᠪᠡ᠃ 1970 ᠣᠨ ᠳᠤ ᠵᠣᠣ ᠤᠳᠠ ᠠᠢᠮᠠᠭ ᠤᠨ ᠷᠠᠳᠢᠣ᠋ ᠨᠡᠪᠲᠡᠷᠡᠭᠦᠯᠭᠡ ᠵᠢᠨ ᠬᠣᠷᠢᠶ᠎ᠠ ᠳᠤ ᠠᠵᠢᠯ ᠰᠢᠯᠵᠢᠵᠤ᠂ l97 l ᠣᠨ ᠳᠤ ᠲᠦᠪ ᠦᠨ ᠠᠷᠠᠳ ᠤᠨ ᠷᠠᠳᠢᠣ᠋ ᠨᠡᠪᠲᠡᠷᠡᠭᠦᠯᠭᠡ ᠵᠢᠨ ᠬᠤᠷᠢᠶᠠᠨ ᠳᠤ ᠢᠷᠠᠵᠤ ᠮᠣᠩᠭᠣᠯ ᠬᠡᠯᠡᠨ ᠦ ᠳᠤ ᠳᠤ ᠷᠠᠳᠢᠣ᠋ ᠰᠣᠨᠢᠨ ᠮᠡᠳᠡᠭᠡᠨ ᠦ ᠣᠷᠴᠢᠭᠤᠯᠬᠤ᠂ ᠨᠠᠢᠷᠠᠭᠤᠯᠬᠤ᠂ ᠰᠤᠷᠪᠤᠯᠵᠢᠯᠠᠬᠤ ᠠᠵᠢᠯ ᠬᠢᠵᠦ᠂ ᠨᠠᠮ ᠲᠦᠷᠥ ᠵᠢᠨ ᠴᠢᠬᠤᠯᠠ ᠶᠡᠬᠡ ᠬᠤᠷᠠᠯ ᠪᠠ ᠰᠤᠷᠲᠠᠯ ᠤᠬᠠᠭᠤᠯᠭ᠎ᠠ ᠵᠢᠨ ᠲᠣᠮᠣ ᠠᠵᠢᠯᠯᠠᠭᠠᠨ ᠳᠤ ᠣᠯᠠᠨ ᠣᠷᠣᠯᠴᠠᠨ ᠰᠣᠨᠢᠨ ᠮᠡᠳᠡᠭᠡ ᠨᠠᠢᠳᠠᠯᠠᠵᠠᠢ᠃ 《ᠮᠦᠩᠭᠥᠨ ᠬᠦᠰᠢᠭᠡ ᠪᠡᠷ ᠳᠡᠭᠦᠯᠢᠭᠴᠢ》᠂ 《ᠠᠯᠳᠠᠷ ᠲᠦ᠍ ᠳᠠᠭᠤᠴᠵᠢᠨ ᠳᠠᠳᠮ᠎ᠠ》᠂ 《ᠰᠢᠵᠢᠷ ᠠᠯᠲᠠ ᠲᠦ᠍ᠩᠭᠠᠭᠴᠢᠳ》᠂ 《ᠬᠠᠰᠢ ᠯᠠ ᠨᠤᠲᠤᠭ ᠤᠨ ᠰᠢᠷᠣᠶ ᠬᠠᠯᠠᠭᠤᠬᠠᠨ —— ᠳ᠋ᠣᠺᠲ᠋ᠤᠷ ᠴᠢᠮᠠᠳᠳᠤᠷᠵᠢ ᠶᠢ ᠲᠡᠮᠳᠡᠭᠯᠡᠬᠦ ᠨᠢ》᠂ 《ᠨᠤᠲᠤᠭ ᠤᠨ ᠦᠵᠡᠮᠵᠢ ᠪᠡᠭᠡᠵᠢᠩ ᠳᠦ》᠂ 《ᠠᠷᠠᠳ ᠤᠨ ᠲᠦᠯᠥᠭᠡᠯᠡᠭᠴᠢ ᠵᠢᠨ ᠨᠤᠲᠤᠭ ᠲᠦ᠍》᠂ 《ᠦᠪᠡᠷᠮᠢᠴᠡ ᠣᠨᠴᠠᠯᠢᠭ ᠲᠠᠢ ᠦᠨᠳᠦᠰᠦᠲᠡᠨ ᠦ ᠨᠠᠢᠷ》 ᠵᠡᠷᠭᠡ ᠰᠤᠷᠪᠤᠯᠵᠢᠯᠠᠭ᠎ᠠ᠂ ᠴᠢᠮᠡᠭᠡᠯᠡᠯ ᠨᠢ ᠪᠦᠬᠥ ᠤᠯᠤᠰ ᠤᠨ ᠮᠣᠩᠭᠣᠯ ᠷᠠᠳᠢᠣ᠋ ᠨᠡᠪᠲᠡᠷᠡᠭᠦᠯᠭᠡ ᠵᠢᠨ ᠰᠢᠯᠢᠳᠡᠭ ᠡᠬᠡ ᠪᠢᠴᠢᠭ ᠲᠦ 1᠂ 2᠂ 3 ᠳ᠋ᠤᠭᠠᠷ ᠲᠠᠰ ᠤᠨ ᠱᠠᠩᠨᠠᠯ ᠬᠦᠷᠲᠡᠭᠰᠡᠨ ᠪᠠᠢᠪᠠ᠃ 1997 ᠣᠨ ᠳᠤ ᠦᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ ᠪᠠᠷ ᠰᠢᠯᠢᠳᠡᠭ ᠵᠣᠬᠢᠶᠠᠯ ᠪᠦᠲᠦᠭᠡᠯ ᠦᠨ ᠲᠡᠭᠦᠪᠦᠷᠢ 《ᠰᠤᠷᠪᠤᠯᠵᠢᠯᠠᠭᠴᠢ ᠵᠢᠨ ᠠᠯᠳᠠᠷ》 ᠢᠶᠠᠨ᠂ 1996 ᠣᠨ ᠳᠤ ᠦᠨᠳᠦᠰᠦᠲᠡᠨ ᠦ ᠬᠡᠪᠯᠡᠯ ᠦᠨ ᠬᠣᠷᠢᠶ᠎ᠠ ᠪᠠᠷ ᠤᠳᠬ᠎ᠠ ᠤᠷᠠᠯᠢᠭ ᠤᠨ ᠵᠣᠬᠢᠶᠠᠯ ᠪᠦᠲᠦᠭᠡᠯ ᠦᠨ ᠲᠡᠭᠦᠪᠦᠷᠢ 《ᠨᠣᠭᠣᠭᠠᠨ ᠨᠠᠪᠴᠢ》 ᠪᠠᠨ ᠲᠣᠰ ᠲᠣᠰ ᠬᠡᠪᠯᠡᠭᠦᠯᠵᠡᠢ᠃ ᠷᠠᠳᠢᠣ᠋ ᠰᠣᠨᠢᠨ ᠮᠡᠳᠡᠭᠡᠨ ᠦ ᠣᠷᠴᠢᠭᠤᠯᠭ᠎ᠠ ᠵᠢᠨ ᠲᠤᠰᠭᠠᠢ ᠰᠤᠳᠤᠯᠤᠯ ᠰᠵᠢᠨᠵᠢᠯᠡᠭᠡ ᠬᠢᠵᠦ 《ᠳᠤᠮᠳᠠᠳᠤ ᠤᠯᠤᠰ ᠤᠨ ᠴᠦᠭᠡᠨ ᠲᠣᠭ᠎ᠠ ᠲᠦ᠍ ᠦᠨᠳᠦᠰᠦᠲᠡᠨ ᠣᠷᠳᠣ ᠤᠳᠠᠭᠠᠨ ᠣᠷᠴᠢᠭᠤᠯᠭ᠎ᠠ ᠵᠢᠨ ᠲᠡᠦᠬᠡ ᠲᠡᠢ》᠂ 《ᠬᠢᠲᠠᠳ ᠬᠡᠯᠡᠨ ᠦ ᠳᠠᠷᠤᠤ ᠦᠭᠡ᠂ ᠬᠦᠨᠳᠦᠳᠬᠡᠯ ᠦᠭᠡ ᠬᠢᠭᠡᠳ ᠨᠠᠰᠤ ᠵᠢᠯ ᠦᠨ ᠤᠯᠠᠮᠵᠢᠯᠠᠯ ᠲᠦ᠍ ᠳᠠᠭᠤᠳᠠᠯᠭ᠎ᠠ ᠶᠢ ᠮᠣᠩᠭᠣᠯᠴᠢᠯᠠᠬᠤ ᠲᠤᠰᠭᠠᠢ》᠂ 《ᠬᠡᠯᠡᠮᠦᠷᠴᠢᠯᠡᠬᠦ ᠲᠤᠰᠭᠠᠢ ᠮᠦᠴᠢᠳ ᠦᠭᠦᠯᠡᠬᠦ ᠨᠢ》᠂ 《 ᠰᠣᠨᠢᠨ ᠮᠡᠳᠡᠭᠡᠨ ᠦ ᠣᠷᠴᠢᠭᠤᠯᠭ᠎ᠠ ᠵᠢᠨ ᠪᠣᠯᠪᠠᠰᠤᠷᠠᠯ ᠤᠨ ᠲᠤᠰᠭᠠᠢ》 ᠵᠡᠷᠭᠡ ᠦᠭᠦᠯᠡᠯ ᠨᠡᠢᠲᠡᠯᠡᠭᠦᠯᠪᠡ᠃ ᠪᠠᠰᠠ 《ᠰᠢ ᠠᠨ ᠤ ᠬᠡᠷᠡᠭ ᠬᠤᠪᠢᠰᠤᠯ》᠂ 《ᠬᠤᠪᠢᠯᠠᠶ》᠂ 《ᠣ ᠬᠣᠣ ᠵᠢᠨ ᠰᠡᠯᠡᠮ᠎ᠡ》᠂ 《ᠰᠢ ᠲᠡᠢᠬᠡᠦ ᠵᠢᠨ ᠰᠤᠯᠠ ᠰ᠌ᠠᠰᠲᠢᠷ》᠂ 《ᠬᠠᠯᠢᠬᠤ ᠵᠢᠭᠦᠷ ᠨᠢ ᠬᠤᠭᠤᠷᠠᠵᠤ ᠬᠠᠷᠢ ᠵᠢᠨ ᠡᠯᠡᠰᠦᠨ᠎ᠡ ᠵᠢᠪᠦᠭᠰᠡᠨ》᠂ 《ᠬᠦᠯᠳᠡᠭᠡᠭᠳᠡᠭᠰᠡᠨ ᠬᠦᠯ ᠪᠦᠮᠪᠥᠭᠡᠴᠢᠳ》 ᠭᠡᠬᠦ ᠵᠡᠷᠭᠡ ᠺᠢᠨᠣ᠋ ᠵᠦᠴᠦᠭᠡ᠂ ᠷᠠᠳᠢᠣ᠋ ᠵᠦᠴᠦᠭᠡ ᠶᠢ ᠣᠷᠴᠢᠭᠤᠯ ᠤᠨ ᠨᠠᠢᠳᠠᠯᠠᠵᠠᠢ᠃
Copyight 2016 by nmgmzw.gov.cn All Rights Reserved