ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠷᠣᠯᠭᠠᠷᠵᠠᠪ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠷᠣᠯᠭᠠᠷᠵᠠᠪ 《1889—— 1941 ) ᠰᠣᠶᠣᠯ  ᠤᠨ ᠵᠢᠳᠬᠦᠯᠲᠡᠨ᠂ ᠨᠠᠢᠷᠠᠭᠤᠯᠤᠭᠴᠢ᠂ ᠣᠷᠴᠢᠭᠤᠯᠤᠭᠴᠢ᠃ ᠦᠪᠥᠷ ᠮᠣᠩᠭᠣᠯ  ᠤᠨ ᠬᠡᠰᠢᠭᠲᠡᠨ ᠬᠣᠰᠢᠭᠤᠨ ᠤ ᠪᠠᠷᠠᠭᠤᠨ ᠠᠷᠤ  ᠵᠢᠨ ᠨᠢᠭᠡᠨ ᠢᠵᠠᠭᠤᠷᠲᠠᠨ ᠤ ᠬᠡᠷ ᠲᠦ ᠲᠦᠷᠥᠵᠡᠢ᠃ ᠪᠠᠭ᠎ᠠ ᠨᠠᠰᠤᠨ ᠳᠠᠭᠠᠨ ᠮᠣᠩᠭᠣᠯ᠂ ᠬᠢᠲᠠᠳ᠂ ᠮᠠᠨᠵᠤ ᠭᠤᠷᠪᠠᠨ ᠵᠦᠢᠯ ᠦᠨ ᠬᠡᠯᠡ ᠪᠢᠴᠢᠭ ᠢ ᠰᠤᠷᠴᠤ ᠡᠵᠡᠮᠰᠢᠭᠡᠳ 29 ᠨᠠᠰᠤᠲᠠᠶ ᠳᠠᠭᠠᠨ ᠬᠣᠰᠢᠭᠤ ᠬᠦᠩ ᠡᠷᠭᠦᠮᠵᠢᠯᠡᠭᠳᠡᠭᠰᠡᠨ ᠪᠣᠯᠪᠠᠴᠤ ᠲᠡᠷᠡ ᠨᠣᠶᠠᠨ ᠰᠠᠭᠤᠬᠤ ᠳᠤᠷ᠎ᠠ ᠦᠬᠡᠶ᠂ ᠭᠠᠳᠠᠭᠰᠢ ᠬᠠᠯᠬ᠎ᠠ ᠮᠣᠩᠭᠣᠯ ᠳᠤ ᠬᠦᠷᠴᠦ ᠶᠡᠬᠡ ᠬᠦᠷᠢᠶ᠎ᠡ ᠳᠦ ᠬᠡᠳᠦᠨ ᠵᠢᠯ ᠰᠠᠭᠤᠵᠠᠢ᠃ ᠳᠠᠷᠠᠭ᠎ᠠ ᠨᠢ ᠮᠦᠭᠳᠡᠨ ᠳᠦ ᠪᠤᠴᠠᠵᠤ ᠢᠷᠡᠭᠡᠳ ᠵᠠᠩ ᠰᠢᠶᠣᠣ ᠯᠢᠶᠠᠩ  ᠤᠨ ᠳᠣᠣᠷ᠎ᠠ ᠰᠤᠯᠠ ᠵᠦᠪᠯᠡᠭᠴᠢ ᠪᠡᠷ ᠠᠵᠢᠯᠯᠠᠵᠤ ᠪᠠᠢᠬᠤ ᠳᠠᠭᠠᠨ ᠬᠡᠰᠢᠩᠭᠡ᠂ ᠷᠡᠰᠢᠰᠡᠩᠭᠡ ᠨᠡᠷ ᠲᠡᠢ ᠬᠣᠷᠰᠢᠵᠤ ᠵᠣᠭᠣᠰ ᠮᠦᠩᠭᠥ ᠪᠠᠳᠢᠷᠯᠠᠨ 《ᠵᠡᠭᠦᠨ ᠮᠣᠩᠭᠣᠯ  ᠤᠨ ᠪᠢᠴᠢᠭ ᠦᠨ ᠬᠣᠷᠢᠶ᠎ᠠ》 ᠪᠠᠢᠭᠤᠯᠵᠤ᠂ ᠦᠨᠳᠦᠰᠦᠲᠡᠨ ᠤᠭᠰᠠᠭᠠᠲᠠᠨ ᠤ ᠪᠠᠨ ᠲᠦᠯᠥᠭᠡ ᠨᠣᠮ ᠪᠢᠴᠢᠭ ᠨᠠᠢᠷᠠᠭᠤᠯ ᠤᠨ ᠬᠡᠪᠯᠡᠨ ᠲᠠᠷᠬᠠᠭᠠᠵᠠᠢ᠃ 《ᠵᠡᠭᠦᠨ ᠮᠣᠩᠭᠣᠯ  ᠤᠨ ᠪᠢᠴᠢᠭ ᠦᠨ ᠬᠣᠷᠢᠶ᠎ᠠ》 ᠠᠴᠠ ᠬᠡᠪᠯᠡᠭᠦᠯᠦᠭᠰᠡᠨ ᠭᠤᠴᠢ ᠭᠠᠷᠤᠶ ᠨᠣᠮ ᠪᠢᠴᠢᠭ ᠢ ᠨᠠᠢᠷᠠᠭᠤᠯᠬᠤ ᠳᠤ ᠲᠡᠷᠡ ᠭᠣᠣᠯ ᠬᠢᠨᠠᠨ ᠨᠠᠢᠷᠠᠭᠤᠯᠤᠭᠴᠢ ᠪᠠᠢᠭᠰᠠᠨ ᠢᠶᠠᠷ ᠪᠠᠷᠠᠬᠤ ᠦᠬᠡᠶ 《ᠠᠩᠬᠠᠨ ᠰᠤᠷᠭᠠᠬᠤ ᠤᠯᠤᠰ  ᠤᠨ ᠤᠳᠬ᠎ᠠ》 ᠭᠡᠬᠦ 8 ᠳᠡᠪᠲᠡᠷ ᠬᠢᠴᠢᠶᠡᠯ ᠦᠨ ᠪᠢᠴᠢᠭ ᠢ ᠨᠠᠢᠷᠠᠭᠤᠯᠬᠤ ᠳᠤ ᠪᠡᠶ᠎ᠡ ᠪᠡᠷ ᠢᠶᠡᠨ ᠪᠦᠬᠦᠯᠢ 3 ᠵᠢᠯ ᠦᠨ ᠴᠠᠭ ᠢ ᠵᠠᠷᠤᠴᠠᠭᠤᠯᠪᠠ᠃ ᠲᠡᠢᠮᠦ ᠡᠴᠡ ᠲᠣᠰ ᠬᠢᠴᠢᠶᠡᠯ ᠦᠨ ᠪᠢᠴᠢᠭ ᠦᠨ ᠲᠡᠷᠢᠭᠦᠨ ᠳᠡᠪᠲᠡᠷ ᠦᠨ ᠰᠡᠭᠦᠯ ᠳᠦ 《ᠬᠡᠰᠢᠭᠲᠡᠨ ᠦ ᠷᠣᠯᠭᠠᠷᠵᠠᠪ ᠨᠠᠢᠷᠠᠭᠤᠯ ᠤᠨ ᠵᠣᠬᠢᠶᠠᠵᠤ᠂ ᠬᠣᠷᠴᠢᠨ ᠤ ᠬᠡᠰᠢᠩᠭᠡ ᠬᠢᠨᠠᠨ ᠲᠣᠭᠲᠠᠭᠠᠵᠤ᠂ ᠵᠡᠭᠦᠨ ᠮᠣᠩᠭᠣᠯ  ᠤᠨ ᠪᠢᠴᠢᠭ ᠦᠨ ᠬᠣᠷᠢᠶ᠎ᠠ ᠳᠠᠷᠤᠮᠠᠯᠯᠠᠨ ᠭᠠᠷᠭᠠᠪᠠᠶ》 ᠭᠡᠵᠦ ᠲᠡᠮᠳᠡᠭᠯᠡᠵᠦ ᠪᠣᠶ᠃ 《    ᠲᠤᠭᠲᠠᠮ ᠵᠡᠷᠭᠡ  ᠵᠢᠨ ᠰᠤᠷᠭᠠᠭᠤᠯᠢ ᠳᠤ ᠬᠡᠷᠡᠭᠯᠡᠬᠦ》 ᠬᠡᠦᠭᠡᠳ ᠦᠨ ᠬᠢᠴᠢᠶᠡᠯ ᠦᠨ ᠪᠢᠴᠢᠭ 《ᠠᠩᠬᠠᠨ ᠰᠤᠷᠭᠠᠬᠤ ᠤᠯᠤᠰ  ᠤᠨ ᠤᠳᠬ᠎ᠠ》 ( 8 ᠳᠡᠪᠲᠡᠷ ) ᠢ ᠨᠠᠢᠷᠠᠭᠤᠯᠬᠤ ᠳᠠᠭᠠᠨ 《ᠤᠯᠤᠰ  ᠤᠨ ᠠᠷᠠᠳ  ᠤᠨ ᠮᠡᠳᠡᠯᠭᠡ ᠤᠬᠠᠭᠠᠨ ᠢ ᠰᠡᠩᠬᠡᠷᠡᠭᠦᠯᠦᠨ ᠨᠡᠭᠡᠭᠡᠭᠳᠡᠭᠦᠯᠬᠦ ᠪᠡᠷ ᠵᠣᠷᠢᠯᠲᠠ》 ᠪᠣᠯᠭᠠᠵᠤ᠂ 《ᠶᠣᠰᠣ ᠡᠷᠳᠡᠮ ᠢ ᠬᠦᠨᠳᠦᠳᠬᠡᠬᠦ᠂ ᠤᠯᠤᠰ ᠢᠶᠠᠨ ᠬᠠᠢᠷᠠᠯᠠᠬᠤ᠂ ᠤᠭᠰᠠᠭ᠎ᠠ ᠪᠠᠨ ᠬᠠᠮᠠᠭᠠᠯᠠᠬᠤ᠂ ᠠᠰᠢᠭ ᠢ ᠪᠠᠳᠠᠷᠠᠭᠤᠯᠬᠤ》 ᠶᠢ ᠦᠭᠦᠯᠡᠵᠦ᠂ 《ᠲᠩᠷᠢ  ᠵᠢᠨ ᠤᠳᠬ᠎ᠠ᠂ ᠭᠠᠵᠠᠷ ᠵᠦᠶ᠂ ᠬᠦᠮᠦᠨ ᠦ ᠶᠠᠪᠤᠳᠠᠯ  ᠤᠨ ᠵᠡᠷᠭᠡ ᠡᠩ ᠦᠨ ᠮᠠᠲᠠᠯ ᠪᠠ ᠵᠠᠰᠠᠭ ᠴᠠᠭᠠᠵᠠ ᠬᠠᠤᠯᠢ ᠲᠦᠷᠢᠮ᠂ ᠴᠡᠷᠢᠭ ᠦᠨ ᠠᠶᠠᠨ ᠬᠦᠷᠲᠡᠯ᠎ᠡ ᠠᠯᠢᠪᠠ ᠤᠯᠤᠰ  ᠤᠨ ᠠᠷᠠᠳ  ᠤᠨ ᠮᠡᠳᠡᠪᠡᠰᠦ ᠵᠣᠬᠢᠬᠤ ᠶᠢ ᠵᠢᠨᠤ ᠡᠰᠡ ᠪᠦᠷᠢᠳᠬᠡᠭᠰᠡᠨ ᠢᠶᠡᠷ ᠦᠬᠡᠶ᠃》 ᠡᠨᠡ ᠬᠢᠴᠢᠶᠡᠯ ᠦᠨ ᠪᠢᠴᠢᠭ ᠲᠦ ᠪᠠᠰᠠ 《ᠬᠦᠪᠡᠭᠦᠨ ᠦᠬᠵᠢᠨ ᠢ ᠦᠯᠥ ᠢᠯᠭᠠᠬᠤ  ᠵᠢᠨ   ᠲᠦ᠍ᠯᠠᠳᠠ》᠂ 《ᠦᠬᠢᠳ ᠲᠣᠷ ᠰᠤᠷᠭᠠᠬᠤ ᠬᠢᠴᠢᠶᠡᠯ ᠢ ᠬᠠᠮᠲᠤ ᠣᠷᠣᠭᠤᠯᠵᠤ᠂ ᠬᠦᠪᠡᠭᠦᠨ ᠦᠬᠵᠢᠨ ᠢ ᠬᠠᠮᠲᠤ ᠪᠠᠷ ᠰᠤᠷᠭᠠᠬᠤᠶ ᠳᠤᠷ ᠲᠦᠬᠥᠮ ᠪᠣᠯᠭᠠᠪᠠᠶ》 ᠭᠡᠪᠡ᠃ ᠲᠣᠰ ᠬᠢᠴᠢᠶᠡᠯ ᠦᠨ ᠪᠢᠴᠢᠭ ᠢ ᠨᠠᠢᠷᠠᠭᠤᠯᠬᠤ ᠶᠠᠪᠤᠴᠠ ᠳᠠᠭᠠᠨ ᠰᠠᠶᠢ ᠰᠤᠷᠭᠠᠭᠤᠯᠢ ᠳᠤ ᠣᠷᠣᠵᠤ ᠪᠠᠢᠭ᠎ᠠ ᠬᠡᠦᠭᠡᠳ ᠪᠠ ᠵᠢᠷᠭᠤᠳᠤᠭᠠᠷ ᠣᠨ ᠠᠴᠠ ᠡᠮᠦᠨᠡᠬᠢ ᠨᠠᠰᠤᠨ ᠤ ᠬᠡᠦᠭᠡᠳ ᠪᠠᠭᠠᠴᠤᠳ  ᠤᠨ ᠣᠶ ᠤᠨ ᠰᠠᠨᠠᠭᠠᠨ ᠤ ᠪᠠ ᠮᠡᠳᠡᠯᠭᠡ  ᠵᠢᠨ ᠬᠦᠷᠢᠶ᠎ᠡ ᠬᠡᠪᠴᠢᠶ᠎ᠡ᠂ ᠬᠢᠷᠢ ᠴᠢᠳᠠᠯ ᠢ ᠦᠨᠳᠦᠰᠦᠯᠡᠵᠦ ᠴᠠᠭᠠᠨ ᠲᠣ ᠯᠦ᠍ᠭᠠᠶ  ᠵᠢᠨ ᠠᠷᠪᠠᠨ ᠬᠣᠶᠠᠷ ᠰᠠᠮᠤᠷ ᠠᠴᠠ ᠡᠬᠢᠯᠡᠭᠡᠳ ᠦᠶ᠎ᠡ ᠨᠡᠢᠯᠡᠭᠦᠯᠵᠦ ᠦᠰᠥᠭ ᠬᠣᠯᠪᠣᠬᠤ᠂ ᠤᠳᠬ᠎ᠠ ᠨᠡᠢᠯᠡᠭᠦᠯᠵᠦ ᠵᠣᠬᠢᠶᠠᠨ    ᠲᠤᠭᠤᠷᠪᠢᠬᠤ ᠬᠦᠷᠲᠡᠯ᠎ᠡ ᠭᠦᠶᠭᠡᠨ ᠡᠴᠡ ᠭᠦᠨ᠎ᠡ ᠦᠭᠡᠳᠡ ᠬᠦᠲᠥᠯᠵᠦ ᠬᠡᠦᠭᠡᠳ ᠦᠨ ᠪᠣᠳᠠᠲᠠᠶ ᠣᠢᠯᠠᠭᠠᠯᠲᠠ  ᠵᠢᠨ ᠪᠠᠢᠳᠠᠯ ᠳᠤ ᠨᠢᠮᠪᠠᠶ ᠵᠣᠬᠢᠴᠠᠭᠤᠯ ᠤᠨ ᠨᠠᠷᠢᠨ ᠲᠣᠬᠢᠷᠠᠭᠤᠯᠵᠠᠢ᠃ ᠣᠨᠴᠠᠭᠠᠢᠯᠠᠨ ᠮᠣᠩᠭᠣᠯ ᠬᠦᠮᠦᠨ᠂ ᠮᠣᠩᠭᠣᠯ ᠨᠤᠲᠤᠭ  ᠤᠨ ᠠᠮᠢᠳᠤᠷᠠᠯ ᠠᠷᠠᠨᠰᠢᠯ ᠲᠠᠢ ᠤᠶᠠᠯᠳᠤᠭᠤᠯ ᠤᠨ ᠮᠣᠩᠭᠣᠯ ᠬᠡᠦᠭᠡᠳ ᠪᠠᠭᠠᠴᠤᠳ  ᠤᠨ ᠡᠳᠦᠷ   ᠲᠦ᠍   ᠲᠦ᠍ᠮ ᠲᠣᠬᠢᠶᠠᠯᠳᠤᠵᠤ ᠪᠠᠢᠭ᠎ᠠ ᠵᠦᠢᠯᠡᠰ ᠢ ᠬᠢᠴᠢᠶᠡᠯ ᠦᠨ ᠳᠡᠪᠲᠡᠷ ᠲᠦᠨᠢ ᠣᠷᠣᠭᠤᠯᠵᠤ᠂ ᠬᠢᠴᠢᠶᠡᠨ ᠰᠤᠷᠬᠤ᠂ ᠮᠡᠷᠡᠵᠢᠨ ᠴᠢᠷᠮᠠᠢᠬᠤ᠂ ᠪᠣᠯᠭᠣᠮᠵᠢᠯᠠᠨ ᠴᠡᠭᠡᠷᠯᠡᠬᠦ᠂ ᠡᠰᠡᠷᠭᠦᠴᠡᠨ ᠲᠡᠮᠡᠴᠡᠬᠦ ᠵᠦᠢᠯ ᠢ ᠲᠣᠳᠣᠷᠬᠠᠶ᠂ ᠠᠮᠢᠳᠤᠯᠢᠭ᠂ ᠳᠦᠷᠰᠦᠯᠢᠭ   ᠲᠦ᠍ᠰᠬᠠᠭᠰᠠᠨ ᠪᠠᠢᠪᠠ᠃ 《ᠠᠩᠬᠠᠨ ᠰᠤᠷᠭᠠᠬᠤ ᠤᠯᠤᠰ  ᠤᠨ ᠤᠳᠬ᠎ᠠ》  ᠵᠢᠨ ᠭᠤᠷᠪᠠᠳᠤᠭᠠᠷ ᠳᠡᠪᠲᠡᠷ ᠦᠨ ᠨᠠᠢ᠍ᠮᠠᠳᠤᠭᠠᠷ ᠬᠢᠴᠢᠶᠡᠯ 《ᠬᠣᠨᠢ》 ᠭᠡᠳᠡᠭ ᠵᠣᠬᠢᠶᠠᠯ ᠳᠤ᠄ ᠨᠢᠭᠡ ᠰᠦᠷᠦᠭ ᠬᠣᠨᠢ ᠠᠭᠤᠯᠠᠨ ᠳᠤᠷ ᠣᠷᠣᠬᠤᠶ ᠳᠤᠷ ᠨᠣᠬᠠᠶ ᠪᠠᠷ ᠬᠠᠮᠠᠭᠠᠯᠠᠭᠴᠢ ᠪᠣᠯᠭᠠᠭᠰᠠᠨ ᠠᠵᠤᠭᠤ᠃ ᠴᠵᠢᠨᠣ᠎ᠠ ᠢᠷᠡᠪᠡᠰᠦ ᠨᠣᠬᠠᠶ ᠳᠠᠷᠤᠶ ᠵᠠᠭᠤᠬᠤᠶ ᠳᠤᠷ ᠴᠵᠢᠨᠣ᠎ᠠ ᠣᠯᠵᠤ ᠦᠯᠥ ᠵᠠᠪᠰᠢᠬᠤᠶ  ᠵᠢᠨ   ᠲᠦ᠍ᠯᠠᠳᠠ ᠬᠣᠨᠢ  ᠵᠢᠨ ᠵᠦᠭ ᠦᠭᠦᠯᠡᠷᠦᠨ᠄ ᠪᠢ ᠲᠠᠨ ᠯᠤᠭ᠎ᠠ ᠶᠠᠮᠪᠠᠷ ᠦᠰᠢᠶ᠎ᠡ ᠪᠣᠶ ᠠᠵᠢ᠂ ᠭᠠᠭᠴᠠ ᠵᠢᠭᠰᠢᠬᠦ ᠵᠢᠨᠤ ᠨᠣᠬᠠᠶ ᠪᠣᠯᠠᠶ᠃ ᠴᠢ ᠦᠨᠡᠬᠡᠷ ᠨᠣᠬᠠᠶ ᠪᠠᠨ ᠬᠦᠭᠡᠭᠡᠵᠦ ᠢᠯᠡᠭᠡᠰᠦ᠂ ᠪᠢ ᠠᠨᠳᠠᠭᠠᠢᠯᠠᠵᠤ ᠲᠠᠨ ᠢ ᠦᠯᠥ ᠬᠣᠣᠷᠯᠠᠮᠤᠢ ᠬᠡᠮᠡᠭᠦᠶ ᠳᠦᠷ ᠬᠣᠨᠢ ᠪᠠᠶᠠᠷᠯᠠᠭᠠᠳ ᠳᠠᠷᠤᠶ ᠨᠣᠬᠠᠶ ᠪᠠᠨ ᠶᠠᠪᠤᠭᠤᠯᠤᠭᠰᠠᠨ ᠤ ᠬᠣᠵᠢᠨ᠎ᠠ᠂ ᠴᠵᠢᠨᠣ᠎ᠠ ᠲᠡᠭᠦᠨᠴᠡ ᠣᠯᠠᠨ ᠬᠣᠨᠢ ᠶᠢ ᠨᠢᠭᠡᠳ ᠨᠢᠭᠡ ᠪᠡᠷ ᠴᠦᠮ ᠢᠳᠡᠵᠦᠬᠦᠢ᠃ ᠮᠦᠨ ᠳᠡᠪᠲᠡᠷ ᠦᠨ ᠲᠠᠪᠤᠳᠤᠭᠠᠷ ᠬᠢᠴᠢᠶᠡᠯ 《ᠠᠷᠢᠬᠢ》 ᠳᠤ᠂ ᠠᠢᠯ ᠳᠤᠷ ᠨᠢᠭᠡᠨ ᠬᠡᠷ ᠪᠡᠷᠢ ᠠᠪᠬᠤᠶ ᠳᠤᠷ ᠰᠡᠩᠭᠡ ᠨᠠᠷᠠ   ᠲᠦ᠍ ᠪᠢᠴᠢᠬᠠᠨ ᠬᠦᠪᠡᠭᠡᠨ ᠪᠠᠶᠠᠷ ᠬᠢᠭᠡᠷ᠎ᠡ ᠡᠴᠢᠪᠡᠶ᠃ ᠬᠡᠷ ᠦᠨ ᠡᠵᠡᠨ ᠬᠤᠷᠢᠮ ᠪᠠᠵᠠᠭᠠᠵᠤ ᠣᠯᠠᠨ ᠵᠣᠴᠢᠳ ᠢ ᠬᠤᠷᠢᠮᠯᠠᠨ᠂ ᠳᠠᠷᠠᠰᠤ ᠬᠡᠳᠦᠨ ᠵᠡᠷᠭᠡ ᠳᠠᠪᠰᠢᠭᠤᠯᠪᠠᠰᠤ ᠪᠢᠴᠢᠭᠬ ᠬᠦᠪᠡᠭᠦᠨ ᠰᠡᠩᠭᠡ ᠬ ᠤᠨᠳᠠᠭ᠎ᠠ ᠡᠰᠡ ᠡᠷᠭᠦᠪᠡᠢ᠃ ᠬᠡᠷ ᠦᠨ ᠡᠵᠡᠨ ᠳᠠᠷᠠᠭ᠎ᠠ ᠪᠠᠷ ᠳᠠᠪᠰᠢᠭᠤᠯᠬᠤᠶ ᠳᠤᠷ ᠰᠡᠩᠭᠡ ᠦᠭᠦᠯᠡᠷᠦᠨ᠄ ᠮᠵᠢᠨᠦ ᠡᠴᠢᠭᠡ ᠦᠷᠭᠦᠯᠵᠢ ᠦᠭᠦᠯᠡᠭᠰᠡᠨ ᠵᠢᠨᠤ᠂ ᠳᠠᠷᠠᠰᠤ ᠪᠢᠯᠢᠭ ᠢ ᠮᠤᠩᠬᠠᠷᠠᠭᠤᠯᠬᠤ  ᠵᠢᠨ   ᠲᠦ᠍ᠯᠠᠳᠠ᠂ ᠪᠠᠭ᠎ᠠ ᠬᠦᠪᠡᠭᠦᠨ ᠨᠠᠩ ᠴᠡᠭᠡᠷᠯᠡᠪᠡᠰᠦ ᠵᠣᠬᠢᠮᠤᠢ ᠬᠡᠮᠡᠭᠰᠡᠨ ᠪᠦᠯᠥᠭᠡ᠂ ᠲᠡᠵᠢᠨ ᠬᠦ ᠠᠶᠤᠮᠰᠢᠭ ᠦᠬᠡᠶ ᠦᠯᠥ ᠤᠤᠭᠤᠮᠤᠢ ᠬᠡᠮᠡᠭᠦᠶ ᠳᠦᠷ ᠣᠯᠠᠨ ᠵᠣᠴᠢᠳ ᠴᠦᠮ ᠰᠠᠢᠰᠢᠶᠠᠨ ᠮᠠᠭᠲᠠᠯᠴᠠᠵᠤᠬᠤᠢ᠃ ᠡᠨᠡ ᠬᠦ ᠬᠣᠶᠠᠷ ᠬᠢᠴᠢᠶᠡᠯ ᠦᠨ ᠦᠵᠡᠯ ᠰᠠᠨᠠᠭ᠎ᠠ ᠲᠣᠳᠣᠷᠬᠠᠶ᠂ ᠮᠣᠩᠭᠣᠯ ᠣᠷᠣᠨ ᠤ ᠠᠮᠢᠳᠤᠷᠠᠯ ᠪᠠ ᠬᠡᠦᠭᠡᠳ ᠪᠠᠭᠠᠴᠤᠳ  ᠤᠨ ᠣᠨᠴᠠᠯᠢᠭ    ᠲᠦ᠍ ᠲᠣᠬᠢᠷᠠᠭᠤᠯᠵᠤ᠂ ᠪᠠᠭ᠎ᠠ ᠤᠴᠢᠷ ᠢᠶᠠᠷ ᠶᠡᠬᠡ ᠶᠣᠰᠣ ᠶᠢ   ᠲᠦ᠍ᠰᠬᠠᠵᠠᠶ᠃ 1936 ᠣᠨ ᠳᠤ ᠪᠦᠭᠡᠭᠡᠰᠢᠭ ᠦᠨ ᠤᠷᠢᠯᠭ᠎ᠠ ᠪᠠᠷ ᠷᠣᠯᠭᠠᠷᠵᠠᠪ 《ᠮᠣᠩᠭᠣᠯ ᠤᠳᠬ᠎ᠠ  ᠵᠢᠨ ᠰᠤᠷᠭᠠᠯ  ᠤᠨ ᠬᠤᠷᠠᠯ》  ᠤᠨ ᠵᠦᠪᠯᠡᠭᠴᠢ ᠪᠣᠯᠵᠤ 《ᠤᠯᠠᠭᠠᠨ ᠪᠠᠷᠰ》 ᠰᠡᠳᠬᠦᠯ ᠢ ᠶᠡᠷᠦᠩᠬᠡᠶ ᠨᠠᠢᠷᠠᠭᠤᠯ ᠤᠨ ᠬᠢᠨᠠᠵᠤ ᠪᠠᠢᠵᠠᠢ᠃ 20 ᠳ᠋ᠤᠭᠠᠷ ᠵᠠᠭ ᠤᠨ ᠤ ᠡᠬᠵᠢᠨ ᠳᠦ ᠠᠷᠠᠳᠴᠢᠯᠠᠭᠰᠠᠨ ᠬᠤᠪᠢᠰᠬᠠᠯ  ᠤᠨ ᠦᠵᠡᠯ ᠰᠠᠨᠠᠭ᠎ᠠ  ᠵᠢᠨ ᠨᠦᠯᠥᠭᠡᠯᠡᠯ ᠪᠠ ᠦᠨᠳᠦᠰᠦᠲᠡᠨ ᠦ ᠴᠢᠯᠥᠭᠡᠯᠡᠯᠲᠡ  ᠵᠢᠨ ᠲᠡᠮᠡᠴᠡᠯ ᠦᠨ ᠭᠠᠯ ᠳᠦᠷᠡᠯᠵᠡᠨ ᠨᠣᠴᠣᠭᠰᠠᠨ ᠠᠴᠠ ᠪᠣᠯᠵᠤ᠂ ᠦᠨᠳᠦᠰᠦᠲᠡᠨ ᠢᠶᠡᠨ ᠬᠠᠢᠷᠠᠯᠠᠬᠤ ᠨᠢᠭᠡ ᠪᠦᠯᠦᠭ ᠰᠡᠬᠡᠭᠡᠲᠡᠳ ᠦᠨᠳᠦᠰᠦ ᠤᠭᠰᠠᠭ᠎ᠠ ᠪᠠᠨ ᠬᠡᠭᠡᠷᠡᠭᠦᠯᠦᠨ ᠮᠠᠨᠳᠤᠭᠤᠯᠬᠤ  ᠵᠢᠨ ᠡᠭᠦᠳᠡᠨ ᠡᠴᠡ ᠮᠣᠩᠭᠣᠯ ᠰᠣᠨᠢᠨ ᠰᠡᠳᠬᠦᠯ᠂ ᠨᠣᠮ ᠬᠡᠪᠯᠡᠯ ᠦᠨ ᠦᠢᠯᠡᠰ ᠢ ᠡᠷᠬᠢᠯᠡᠨ ᠣᠷᠣᠯᠳᠤᠵᠠᠢ᠃ ᠲᠠᠲᠠᠨ ᠤ ᠳᠣᠲᠣᠷᠠᠬᠢ ᠲᠦᠯᠥᠭᠡᠯᠡᠬᠦ ᠴᠢᠨᠠᠷᠲᠠᠶ ᠬᠦᠮᠦᠰ ᠭᠡᠪᠡᠯ ᠳᠠᠷᠤᠶ ᠲᠡᠮᠭᠡᠲᠦ᠂ ᠪᠦᠭᠡᠭᠡᠰᠢᠭ᠂ ᠬᠡᠰᠢᠩᠭᠡ᠂ ᠷᠣᠯᠭᠠᠷᠵᠠᠪ ᠪᠣ ᠯᠦ᠍ᠨ᠎ᠠ᠃ ᠲᠠᠳᠠ ᠬᠦᠮᠦᠰ ᠦᠨ ᠬᠢᠭᠡᠳᠦᠢ ᠪᠠᠢᠭᠰᠠᠨ ᠠᠵᠢᠯ ᠢ ᠡᠬᠢᠯᠡᠭᠦᠯᠵᠦ᠂ ᠦᠬᠡᠶ ᠡᠴᠡ ᠪᠠᠢᠬᠤ ᠪᠣᠯᠭᠠᠵᠤ᠂ ᠮᠣᠩᠭᠣᠯ ᠦᠨᠳᠦᠰᠦᠲᠡᠨ ᠦ ᠨᠣᠮ ᠪᠢᠴᠢᠭ ᠨᠠᠢᠷᠠᠭᠤᠯ ᠤᠨ ᠬᠡᠪᠯᠡᠬᠦ ᠦᠢᠯᠡᠰ ᠦᠨ ᠵᠠᠮ ᠢ ᠳᠡᠪᠢᠰᠦᠨ ᠡᠭᠦᠳᠡ ᠶᠢ ᠨᠡᠭᠡᠭᠡᠵᠦ ᠪᠢᠯᠡ᠃ ᠲᠡᠮᠭᠡᠲᠦ  ᠵᠢᠨ ᠪᠠᠢᠭᠤᠯᠤᠭᠰᠠᠨ 《ᠮᠣᠩᠭᠣᠯ ᠪᠢᠴᠢᠭ ᠦᠨ ᠬᠣᠷᠢᠶ᠎ᠠ》᠂ ᠬᠡᠰᠢᠩᠭᠡ᠂ ᠷᠣᠯᠭᠠᠷᠵᠠᠪ  ᠤᠨ ᠪᠠᠢᠭᠤᠯᠤᠭᠰᠠᠨ 《ᠮᠣᠩᠭᠣᠯ ᠤᠳᠬ᠎ᠠ  ᠵᠢᠨ ᠰᠤᠷᠭᠠᠯ  ᠤᠨ ᠬᠤᠷᠠᠯ》 ᠠᠴᠠ ᠨᠠᠢᠷᠠᠭᠤᠯ ᠤᠨ ᠬᠡᠪᠯᠡᠭᠰᠡᠨ ᠨᠣᠮ ᠢ ᠶᠡᠷᠦᠩᠬᠡᠢᠯᠡᠪᠡᠯ᠄ ᠮᠣᠩᠭᠣᠯ ᠦᠨᠳᠦᠰᠦᠲᠡᠨ ᠦ ᠡᠷᠲᠡᠨ ᠦ ᠰᠣᠩᠭᠣᠳᠠᠭ ᠵᠣᠬᠢᠶᠠᠯ .. ᠬᠢᠲᠠᠳ  ᠤᠨ ᠰᠣᠩᠭᠣᠳᠠᠭ ᠵᠣᠬᠢᠶᠠᠯ ᠢ ᠣᠷᠴᠢᠭᠤᠯᠵᠤ ᠬᠡᠪᠯᠡᠭᠦᠯᠬᠦ ..  ᠲᠤᠰᠭᠠᠢ  ᠵᠢᠨ ᠦᠶ᠎ᠡ ᠳᠦ ᠦᠨᠳᠦᠰᠦᠲᠡᠨ ᠦ ᠲᠦᠷᠥᠯᠬᠢ ᠬᠡᠯᠡ ᠪᠡᠷ ᠢᠶᠡᠨ ᠪᠢᠴᠢᠭᠰᠡᠨ ᠵᠣᠬᠢᠶᠠᠯ ᠢ ᠨᠠᠢᠷᠠᠭᠤᠯ ᠤᠨ ᠬᠡᠪᠯᠡᠭᠦᠯᠬᠦ .. ᠪᠠᠭᠠᠴᠤᠳ ᠬᠡᠦᠭᠡᠳ ᠦᠨ ᠰᠤᠷᠬᠤ ᠪᠢᠴᠢᠭ ᠵᠡᠷᠭᠡ ᠶᠢ ᠨᠠᠢᠷᠠᠭᠤᠯ ᠤᠨ ᠬᠡᠪᠯᠡᠭᠦᠯᠵᠦ ᠪᠠᠢᠪᠠ᠃ ᠲᠠᠳᠠ ᠨᠣᠮ ᠪᠢᠴᠢᠭ ᠵᠣᠬᠢᠶᠠᠬᠤ᠂ ᠨᠠᠢᠷᠠᠭᠤᠯᠬᠤ᠂ ᠣᠷᠴᠢᠭᠤᠯᠬᠤ᠂ ᠰᠡᠢᠷᠡᠭᠦᠯᠬᠦ᠂ ᠬᠡᠪᠯᠡᠭᠦᠯᠬᠦ᠂ ᠲᠠᠷᠬᠠᠭᠠᠬᠤ ᠠᠵᠢᠯᠯᠠᠭ᠎ᠠ ᠪᠠᠨ ᠲᠦᠯᠥᠪᠯᠡᠭᠡ ᠲᠡᠢ ᠪᠦᠭᠡᠳ ᠠᠯᠬᠤᠮ ᠳᠠᠷᠠᠭ᠎ᠠ ᠲᠠᠢ ᠨᠠᠷᠢᠨ ᠨᠢᠮᠪᠠᠶ ᠭᠦᠢᠴᠡᠳᠬᠡᠵᠦ ᠪᠠᠢᠭᠰᠠᠨ ᠪᠦᠭᠡᠳ ᠵᠣᠬᠢᠶᠠᠵᠤ ᠨᠠᠢᠷᠠᠭᠤᠯᠬᠤ ᠣᠷᠴᠢᠭᠤᠯᠬᠤ ᠤᠷ᠎ᠠ ᠮᠡᠷᠭᠡᠰᠢᠯ ᠨᠢ ᠦᠨᠳᠥᠷ ᠪᠠᠢᠭᠰᠠᠨ   ᠲᠦ᠍ᠯᠠ ᠣᠯᠠᠨ ᠤ ᠬᠦᠷᠢᠶᠡᠯᠡᠯ ᠢ ᠣᠯᠵᠤ ᠪᠠᠢᠯ᠎ᠠ᠃ ᠣᠲᠣ  ᠵᠢᠨ ᠣᠯᠳᠠᠭᠰᠠᠨ ᠲᠡᠦᠬᠡᠨ ᠮᠠᠲ᠋ᠧᠷᠢᠶᠠᠯ ᠳᠤ ᠲᠡᠮᠳᠡᠭᠯᠡᠭᠰᠡᠨ ᠡᠴᠡ ᠦᠵᠡᠪᠡᠯ᠂ ᠷᠣᠯᠭᠠᠷᠵᠠᠪ 1941 ᠣᠨ ᠤ 8 ᠰᠠᠷ᠎ᠠ ᠳᠤ ᠬᠡᠢᠯᠦ ᠳᠦ ᠲᠠᠪᠵᠢᠨ ᠭᠤᠷᠪᠠᠲᠠᠶ ᠨᠠᠰᠤ ᠪᠠᠷᠠᠵᠠᠢ᠃ ᠲᠡᠷᠡ ᠦᠶ᠎ᠡ ᠳᠦ ᠬᠡᠷ ᠪᠦᠯᠢ  ᠵᠢᠨ ᠬᠵᠢᠨᠢ ᠪᠤᠶᠤ ᠨᠡᠢᠭᠡᠮ ᠳᠡᠭᠡᠷᠡᠬᠢ ᠵᠠᠷᠢᠮ ᠬᠦᠮᠦᠰ ᠶᠠᠫᠣᠨ ᠲᠡᠭᠦᠨ ᠢ ᠬᠡᠷ ᠲᠡᠭᠡᠨ ᠠᠪᠠᠴᠢᠵᠤ ᠠᠷᠢᠬᠢ ᠤᠤᠭᠤᠯᠭᠠᠭᠠᠳ ᠲᠡᠷᠡ ᠰᠦᠨᠢ ᠳᠦᠨᠢ ᠨᠣᠭᠣᠭᠠᠨ ᠢᠶᠠᠷ ᠪᠦᠭᠡᠯᠵᠢᠵᠦ ᠨᠠᠰᠤ ᠪᠠᠷᠠᠵᠠᠢ ᠭᠡᠵᠦ ᠬᠡᠯᠡᠯᠴᠡᠳᠡᠭ᠃ ᠭᠡᠪᠡᠴᠦ ᠡᠵᠡᠷᠬᠡᠭ ᠲᠦᠷᠢᠮᠡᠬᠡᠢᠲᠡᠨ ᠦ ᠬᠦᠨᠳᠦ ᠳᠠᠷᠤᠯᠠᠯ  ᠤᠨ ᠳᠣᠣᠷ᠎ᠠ ᠡᠨᠡ ᠬᠡᠷᠡᠭ ᠢ ᠬᠡᠯᠡᠵᠦ ᠪᠣᠯᠬᠤ ᠦᠬᠡᠶ᠂ ᠲᠣᠳᠣᠯᠠᠵᠤ ᠴᠢᠳᠠᠬᠤ ᠦᠬᠡᠶ ᠳᠡᠭᠡᠨ ᠳᠠᠯᠳᠠ ᠪᠠᠷ ᠭᠠᠰᠢᠭᠤᠳᠠᠨ ᠪᠠᠢᠵᠠᠢ᠃