ᠨᠡᠷ᠎ᠡ:
ᠷᠣᠯᠪᠢᠳᠤᠷᠵᠢ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
( 1717~ 1788 ) ᠴᠢᠩ ᠤᠯᠤᠰ ᠤᠨ ᠦᠶ᠎ᠡ ᠵᠢᠨ ᠬᠡᠪᠯᠡᠯ ᠦᠨ ᠦᠢᠯᠡᠰ ᠦᠨ ᠵᠢᠳᠬᠦᠯᠲᠡᠨ᠃ ᠷᠣᠯᠪᠢᠳᠤᠷᠵᠢ ᠶᠢ ᠪᠠᠰᠠ ᠶᠧᠰᠢᠲᠠᠮᠪᠢᠷᠤᠮᠧᠶ ᠭᠡᠳᠡᠭ᠂ ᠮᠣᠩᠭᠣᠯᠴᠤᠳ ᠷᠣᠯᠪᠢᠳᠤᠷᠵᠢ ᠭᠡᠳᠡᠭ ᠨᠦᠭᠥᠭᠡ ᠨᠡᠷ᠎ᠡ ᠪᠡᠷ ᠨᠢ ᠢᠯᠡᠭᠦᠦ ᠳᠠᠭᠤᠳᠠᠵᠤ ᠵᠠᠩᠰᠢᠵᠠᠶ᠃ ᠲᠡᠷᠡ ᠦᠪᠡᠷ ᠦᠨ ᠪᠢᠴᠢᠭᠰᠡᠨ᠂ ᠣᠷᠴᠢᠭᠤᠯᠤᠭᠰᠠᠨ᠂ ᠠᠷᠢᠭᠤᠳᠬᠠᠨ ᠰᠢᠭᠦᠭᠰᠡᠨ ᠰᠤᠳᠤᠷ ᠲᠠᠭᠠᠨ ᠦᠪᠡᠷ ᠦᠨ ᠨᠡᠷ᠎ᠡ ᠪᠡᠨ ᠵᠠᠩᠵᠠ ᠬᠤ ᠲᠤᠭ ᠲᠦ᠍᠂ ᠯᠠᠯᠢᠲᠠᠪᠠᠽᠠᠷ᠂ ᠳᠡᠭᠡᠳᠦ ᠵᠢᠨ ᠬᠡᠭᠡᠨ ᠭᠡᠵᠦ ᠠᠯᠢ ᠨᠢᠭᠡ ᠪᠡᠷ ᠨᠢ ᠪᠢᠴᠢᠳᠡᠭ᠃ 1717 ᠣᠨ ᠳᠤ ᠬᠦᠬᠡᠨᠠᠭᠤᠷ ᠤᠨ ᠽᠦᠸᠡᠩᠭᠡ ᠵᠢᠨ ᠬᠣᠢᠲᠤ ᠵᠦᠭ ᠲᠡᠬᠢ ᠬᠢᠲᠠᠳ ᠲᠦᠪᠡᠳ ᠬᠣᠯᠢᠯᠳ ᠤᠨ ᠰᠠᠭᠤᠭᠰᠠᠨ ᠯᠢᠶᠠᠩ ᠵᠧᠦ ᠵᠢᠨ ᠫᠠᠭᠮᠣᠷᠤᠪᠠᠪᠠ ᠵᠢᠨ ᠠᠢᠮᠠᠭ ᠬᠡᠮᠡᠬᠦ ᠭᠠᠵᠠᠷ ᠲᠦᠷᠥᠵᠡᠢ᠃ 4 ᠨᠠᠰᠤᠨ ᠳ ᠤᠨᠢ ᠭ ᠤᠨ ᠯᠦ᠍ᠩ ᠵᠠᠮᠪᠠᠯᠢᠩ ᠬᠡᠢᠳ ᠲᠦ ᠡᠬᠡ ᠲᠡᠢ ᠨᠢ ᠬᠠᠮᠲᠤ ᠵᠠᠯᠠᠪᠠ᠃ 8 ᠨᠠᠰᠤᠨ ᠳ ᠤᠨᠢ ᠮᠠᠨᠵᠤ ᠵᠢᠨ ᠨᠠᠢᠷᠠᠯ ᠲᠦ᠍ ᠲᠦᠪ ᠬᠠᠭᠠᠨ ( 1723——1735 ) ᠪᠡᠭᠡᠵᠢᠩ ᠳᠦ ᠢᠷᠡᠭᠦᠯᠵᠦ ᠰᠦᠩ ᠵᠦ᠋ ᠰᠧ ᠬᠡᠢᠳ ᠢ ᠰᠵᠢᠨᠡᠳᠬᠡᠨ ᠵᠠᠰᠠᠭᠤᠯᠵᠤ ᠰᠠᠭᠤᠯᠭᠠᠪᠠ᠃ ᠲᠡᠨᠳᠡ 10 ᠨᠠᠰᠤ ᠪᠣᠯᠲᠠᠯ᠎ᠠ ᠪᠠᠨ ᠮᠠᠨᠵᠤ᠂ ᠮᠣᠩᠭᠣᠯ᠂ ᠬᠢᠲᠠᠳ ᠪᠢᠴᠢᠭ ᠰᠤᠷᠤᠭᠰᠠᠨ ᠪᠠ ᠶᠡᠬᠡᠰ ᠯᠠᠮᠠ ᠨᠠᠷ ᠠᠴᠠ ᠲᠦᠪ ᠦᠵᠡᠯ ᠦᠨ ᠡᠰᠢ ᠵᠡᠷᠭᠡ ᠶᠢ ᠰᠤᠷᠴᠤ ᠮᠡᠷᠭᠡᠨ ᠦ ᠴᠣᠯᠠ ᠣᠯᠵᠠᠢ᠃ 1735 ᠣᠨ ᠳᠤ ᠲᠦᠪᠡᠳ ᠲᠦ ᠬᠦᠷᠴᠦ ᠪᠠᠨᠴᠵᠢᠨ ᠯᠦ᠍ᠪᠰᠠᠩᠶᠸᠰ᠌ᠢ ᠠᠴᠠ ᠰᠠᠨᠸᠠᠷ ᠠᠪᠴᠤ ᠪᠢᠯᠢᠭ ᠦᠨ ᠰ᠌ᠠᠰᠵᠢᠨ ᠤ ᠵᠤᠯᠠ ( ᠶᠧᠰᠢᠲᠠᠮᠪᠢᠷᠤᠮᠧᠶ ) ᠭᠡᠳᠡᠭ ᠨᠡᠷ᠎ᠡ ᠣᠯᠵᠠᠢ᠃ 1736 ᠣᠨ ᠳᠤ ᠪᠡᠭᠡᠵᠢᠩ ᠳᠦ ᠪᠤᠴᠠᠨ ᠢᠷᠡᠵᠡᠢ᠃ 1743 ᠣᠨ ᠳᠤ ᠲᠩᠷᠢ ᠲᠡᠳᠬᠦᠭᠴᠢ ᠬᠠᠭᠠᠨ ( 1736——1795 ) ᠠᠴᠠ 《ᠭᠦᠸᠡᠨ ᠳ᠋ᠢᠩ ᠫᠤ ᠱᠠᠨ ᠭᠦᠸᠡᠩ ᠼᠢ ᠳ᠋ᠠᠩ ᠭᠦᠸᠸ ᠰ᠌ᠢ》 《ᠠᠪᠢᠰᠢᠭ ᠪᠦᠬᠦᠨ ᠢ ᠣᠷᠣᠶ ᠪᠠᠷ ᠠᠰᠠᠷᠠᠭᠴᠢ ᠤᠯᠤᠰ ᠤᠨ ᠪᠠᠭᠰᠢ ) ᠴᠣᠯᠠ ᠡᠷᠭᠦᠮᠵᠢᠯᠡᠯ ᠬᠦᠷᠲᠡᠵᠦ ᠠᠯᠲᠠᠨ ᠪᠢᠴᠢᠭ ᠠᠯᠲᠠᠨ ᠲᠠᠮᠠᠭ᠎ᠠ ᠭᠠᠷᠳᠠᠵᠠᠶ᠃ ᠲᠡᠷᠡ 1786 ᠣᠨ ᠳᠤ ᠤᠳᠠᠢ ᠠᠭᠤᠯᠠᠨ ᠳᠤ ᠨᠢᠷᠸᠠᠨ ᠢ ᠦᠵᠡᠭᠦᠯᠬᠦ ᠪᠣᠯᠲᠠᠯ᠎ᠠ ᠪᠠᠨ ᠰ᠌ᠠᠰᠵᠢᠨ ᠲᠦᠷᠥ ᠵᠢᠨ ᠦᠢᠯᠡᠰ ᠲᠦ ᠬᠦᠴᠦᠯᠡᠨ ᠵᠢᠳᠬᠦᠵᠦ᠂ ᠤᠳᠤᠷᠢᠳ ᠤᠨ ᠶᠠᠪᠤᠭᠤᠯᠵᠤ ᠪᠤᠷᠬᠠᠨ ᠤ ᠨᠣᠮᠯᠠᠯ ᠢ ᠮᠣᠩᠭᠣᠯ ᠲᠦᠪᠡᠳ ᠬᠢᠲᠠᠳ ᠣᠯᠠᠨ ᠭᠠᠵᠠᠷ ᠰᠤᠷᠲᠠᠯᠴᠢᠯᠠᠵᠤ 《ᠬᠠᠷ᠎ᠠ ᠰᠢᠷ᠎ᠠ ᠦᠭᠯᠢᠭᠡ ᠵᠢᠨ ᠡᠵᠡᠳ ᠲᠦ ᠠᠪᠢᠰᠢᠭ ᠬᠦᠲᠥᠯᠪᠦᠷᠢ ᠲᠡᠷᠢᠭᠦᠲᠡᠨ ᠭᠦᠨᠵᠡᠭᠡᠶ ᠨᠣᠮ ᠤᠨ ᠷᠠᠰᠢᠶᠠᠨ ᠢᠶᠠᠷ ᠪᠣᠯᠪᠠᠰᠤᠷᠠᠭᠤᠯ ᠤᠨ ᠭᠡᠲᠦᠯᠭᠡᠭᠰᠡᠨ》 ( 《ᠮᠡᠷᠭᠡᠳ ᠭᠠᠷᠬᠤ ᠵᠢᠨ ᠣᠷᠣᠨ》 ᠤ ᠣᠷᠣᠰᠢᠯ ᠠᠴᠠ᠃ ᠦᠨᠳᠦᠰᠦᠲᠡᠨ ᠦ ᠬᠡᠪᠯᠡᠯ ᠦᠨ ᠬᠣᠷᠢᠶ᠎ᠠ᠂ 1988 ᠣᠨ ) ᠢᠶᠠᠷ ᠢᠶᠠᠨ ᠠᠯᠳᠠᠷᠰᠢᠵᠤ ᠪᠠᠢᠵᠠᠢ᠃ ᠷᠣᠯᠪᠢᠳᠤᠷᠵᠢ ᠵᠢᠨ ᠬᠣᠢᠴᠢ ᠵᠢᠨ ᠬᠦᠮᠦᠰ ᠲᠦ ᠦᠯᠡᠳᠡᠭᠡᠵᠦ ᠦᠭᠭᠥᠭᠰᠡᠨ ᠦᠨᠡᠲᠡᠶ ᠶᠡᠬᠡ ᠦᠪ ᠨᠢ ᠲᠡᠭᠦᠨ ᠦ ᠦᠪᠡᠷ ᠦᠨ ᠵᠣᠬᠢᠶᠠᠯ ᠪᠣᠯ ᠤᠨ ᠦᠪᠡᠷ ᠦᠨ ᠬᠵᠢᠨᠢ ᠤᠳᠤᠷᠢᠳᠴᠤ ᠬᠢᠭᠰᠡᠨ ᠪᠤᠷᠬᠠᠨ ᠤ ᠨᠣᠮ ᠤᠨ ᠣᠷᠴᠢᠭᠤᠯᠭ᠎ᠠ ᠵᠢᠨ ᠪᠦᠲᠦᠭᠡᠯ ᠪᠣ ᠯᠦ᠍ᠨᠠ᠃ ᠲᠡᠷᠡ 《ᠳᠣ ᠯᠦ᠍ᠳᠤᠭᠠᠷ ᠳᠦᠷᠢ ᠵᠢᠨ ᠲᠡᠯᠡᠶ ᠪᠯᠠᠮ᠎ᠠ ᠵᠢᠨ ᠨᠠᠮᠲᠠᠷ》 ᠢ ᠲᠦᠪᠡᠳ ᠬᠡᠯᠡ ᠪᠡᠷ ᠵᠣᠬᠢᠶᠠᠵᠤ 《ᠰᠠᠵᠢᠨ ᠭᠠᠯᠪᠠ ᠵᠢᠨ ᠮᠢᠩᠭᠠᠨ ᠪᠤᠷᠬᠠᠨ ᠤ ᠨᠡᠷ᠎ᠡ》᠂ 《ᠳᠦᠷᠪᠡᠨ ᠵᠦᠢᠯ ᠦᠨ ᠦᠰᠥᠭ ᠬᠠᠪᠰᠤᠷᠭᠠᠭᠰᠠᠨ ᠪᠠᠭ᠎ᠠ ᠲᠦ᠍ᠷ ᠶᠠᠪᠤᠭᠴᠢ ᠶᠡᠬᠡ ᠬᠦᠯᠭᠡᠨ ᠰᠤᠳᠤᠷ》᠂ 《ᠰᠣᠩ ᠲᠦ᠍ᠢ》 ᠵᠡᠷᠭᠡ ᠨᠣᠮ ᠢ ᠣᠷᠴᠢᠭᠤᠯ ᠤᠨ ᠨᠠᠢᠷᠠᠭᠤᠯᠵᠤ᠂ ᠮᠣᠳᠣᠨ ᠪᠠᠷ ᠢᠶᠠᠷ ᠬᠡᠪᠯᠡᠭᠦᠯᠵᠡᠢ᠃ ᠪᠤᠷᠬᠠᠨ ᠤ ᠶᠡᠬᠡ ᠬᠦᠯᠭᠡᠨ ᠰᠤᠳᠤᠷ 《ᠳ᠋ᠠᠨᠵᠤᠤᠷ》 ᠢ ᠣᠷᠴᠢᠭᠤᠯᠬᠤ ᠪᠠᠷᠢᠮᠵᠢᠶ᠎ᠠ ᠲᠣᠯᠢ 《ᠮᠡᠷᠭᠡᠳ ᠭᠠᠷᠬᠤ ᠵᠢᠨ ᠣᠷᠣᠨ ᠨᠠᠷᠠ ᠲᠦ᠍ ᠲᠣᠭᠲᠠᠭᠠᠭᠰᠠᠨ ᠲᠠᠭᠶᠢᠩ》 ᠢ 1741 ~ 1742 ᠣᠨ ᠤ ᠬᠣᠭᠣᠷᠣᠨᠳᠣ ᠭᠠᠯᠲᠠᠨ ᠰᠢᠷᠡᠭᠡᠲᠦ ᠯᠦ᠍ᠪᠰᠠᠩᠳᠠᠨᠪᠵᠢᠨᠢᠮᠠ ( 1689—— 1762 ) ᠲᠠᠢ ᠨᠠᠢᠷᠠᠭᠤᠯ ᠤᠨ ᠵᠣᠬᠢᠶᠠᠵᠤ ᠪᠡᠭᠡᠵᠢᠩ ᠳᠦ ᠮᠣᠳᠣᠨ ᠪᠠᠷ ᠢᠶᠠᠷ ᠬᠡᠪᠯᠡᠭᠦᠯᠦᠭᠰᠡᠨ ᠪᠠᠵᠢᠨ᠎ᠠ᠃ ᠲᠣᠰ ᠲᠣᠯᠢ ᠪᠣᠯ ᠮᠣᠩᠭᠣᠯ ᠦᠨᠳᠦᠰᠦᠲᠡᠨ ᠦ ᠰᠣᠶᠣᠯ ᠤᠨ ᠲᠡᠦᠬᠡᠨ ᠳᠡᠬᠢ ᠪᠤᠷᠬᠠᠨ ᠤ ᠨᠣᠮ ᠤᠨ ᠲᠠᠪ ᠤᠨ ᠤᠬᠠᠭᠠᠨ ᠤ ᠴᠢᠬᠤᠯᠠ ᠦᠭᠡᠰ ᠢ ᠪᠦᠳᠦᠭᠦᠪᠴᠢᠯᠡᠨ ᠬᠤᠷᠢᠶᠠᠩᠭᠤᠢᠯᠠᠭᠰᠠᠨ ᠤᠤᠭᠠᠨ ᠲᠣᠯᠢ᠂ ᠲᠠᠪ ᠤᠨ ᠤᠬᠠᠭᠠᠨ ᠤ ᠠᠭᠤᠯᠭ᠎ᠠ ᠵᠢᠨ ᠲᠣᠪᠴᠢ ᠪᠣ ᠯᠦ᠍ᠨᠠ᠃ ᠷᠣᠯᠪᠢᠳᠤᠷᠵᠢ ᠵᠢᠨ ᠮᠣᠩᠭᠣᠯ ᠬᠡᠪᠯᠡᠯ ᠦᠨ ᠦᠢᠯᠡᠰ ᠲᠦ ᠦᠨᠢᠳᠡ ᠳᠤᠷᠠᠰᠬᠠᠭᠳᠠᠬᠤ ᠬᠠᠮᠤᠭ ᠤᠨ ᠲᠣᠮᠣ ᠠᠵᠢᠯ ᠭᠡᠪᠡᠯ᠂ ᠲᠡᠷᠡ ᠪᠡᠷ ᠭᠠᠯᠲᠠᠨ ᠰᠢᠷᠡᠭᠡᠲᠦ ᠯᠦ᠍ᠪᠰᠠᠩᠳᠠᠨᠪᠵᠢᠨᠢᠮᠠ ᠵᠢᠨ ᠬᠠᠮᠲᠤ ᠬᠠᠭᠠᠨ ᠤ ᠵᠠᠷᠯᠢᠭ ᠢᠶᠠᠷ 《ᠳ᠋ᠠᠨᠵᠤᠤᠷ》 ᠢ ᠣᠷᠴᠢᠭᠤᠯᠬᠤ᠂ ᠬᠡᠪᠯᠡᠭᠦᠯᠬᠦ ᠠᠵᠢᠯ ᠢ ᠪᠠᠶᠠᠲᠠᠨ ᠤᠳᠤᠷᠢᠳᠴᠤ ᠬᠢᠭᠰᠡᠨ ᠶᠠᠪᠤᠳᠠᠯ ᠪᠣ ᠯᠦ᠍ᠨᠠ᠃ ᠡᠭᠦᠨ ᠦ ᠳ᠋ᠦᠩ ᠳᠦ 《ᠳ᠋ᠠᠨᠵᠤᠤᠷ》 ᠤᠨ ᠪᠦᠷᠢᠳᠬᠡᠯ ᠣᠷᠴᠢᠭᠤᠯᠭ᠎ᠠ ᠰᠢᠯᠤᠭᠤᠬᠠᠨ ᠶᠠᠪᠤᠭᠳᠠᠵᠤ 1742 —— 1749 ᠣᠨ ᠤ ᠬᠣᠭᠣᠷᠣᠨᠳᠣ ᠪᠦᠬᠥ ᠠᠵᠢᠯ ᠳᠠᠭᠤᠰᠤᠭᠠᠳ ᠪᠡᠭᠡᠵᠢᠩ ᠳᠦ ᠮᠣᠳᠣᠨ ᠪᠠᠷ ᠢᠶᠠᠷ ᠬᠡᠪᠯᠡᠭᠳᠡᠵᠡᠢ᠃
Copyight 2016 by nmgmzw.gov.cn All Rights Reserved