ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠷᠵᠢᠨᠴᠵᠢᠨᠺᠠᠸᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠷᠵᠢᠨᠴᠵᠢᠨᠺᠠᠸᠠ ( 1821 —— 1998 ) ᠬᠢᠨᠠᠨ ᠣᠷᠴᠢᠭᠤᠯᠤᠭᠴᠢ᠃ ᠦᠪᠥᠷ ᠮᠣᠩᠭᠣᠯ  ᠤᠨ ᠪᠠᠭᠠᠷᠵᠢᠨ ᠪᠠᠷᠠᠭᠤᠨ ᠬᠣᠰᠢᠭᠤᠨ ᠤ ᠬᠦᠮᠦᠨ᠃ 1945 ᠣᠨ ᠳᠤ ᠸᠠᠩ  ᠤᠨ ᠰᠦᠮ᠎ᠡ 《ᠣᠳᠣᠬᠢ ᠤᠯᠠᠭᠠᠨᠬᠣᠲᠠ )  ᠵᠢᠨ ᠳᠤᠮᠳᠠᠳᠤ ᠵᠡᠷᠭᠡ  ᠵᠢᠨ ᠪᠠᠭᠰᠢ  ᠵᠢᠨ ᠰᠤᠷᠭᠠᠭᠤᠯᠢ  ᠵᠢᠨ ᠦᠨᠳᠥᠷ ᠵᠡᠷᠭᠡ  ᠵᠢᠨ ᠠᠩᠭᠢ ᠳᠤ ᠳᠠᠪᠰᠵᠢᠨ ᠰᠤᠷᠤᠯᠴᠠᠪᠠ᠃ 1946 ᠣᠨ ᠳᠤ ᠪᠠᠭᠠᠷᠵᠢᠨ ᠪᠠᠷᠠᠭᠤᠨ ᠬᠣᠰᠢᠭᠤᠨ ᠤ ᠪᠠᠶᠠᠬᠠᠨ ᠰᠤᠮᠤ  ᠵᠢᠨ ᠦᠪᠡᠷᠲᠡᠭᠡᠨ ᠵᠠᠰᠠᠬᠤ ᠬᠤᠷᠠᠯ  ᠤᠨ ᠡᠷᠬᠢᠯᠡᠭᠴᠢ ᠪᠡᠷ ᠠᠵᠢᠯᠯᠠᠵᠤ᠂ 1947 ᠣᠨ ᠳᠤ ᠯᠵᠢᠨᠳᠣᠩ ᠳᠠᠬᠢ ᠦᠪᠥᠷ ᠮᠣᠩᠭᠣᠯ  ᠤᠨ ᠦᠪᠡᠷᠲᠡᠭᠬ ᠵᠠᠰᠠᠬᠤ ᠳᠡᠭᠡᠳᠦ ᠰᠤᠷᠭᠠᠭᠤᠯᠢ ᠳᠤ ᠰᠤᠷᠤᠯᠴᠠᠵᠤ᠂ 1948 ᠣᠨ ᠤ 8 ᠰᠠᠷ᠎ᠠ ᠳᠤ ᠪᠠᠭᠠᠷᠵᠢᠨ ᠪᠠᠷᠠᠭᠤᠨ ᠬᠣᠰᠢᠭᠤᠨ ᠤ ᠪᠠᠶᠠᠬᠠᠨ ᠨᠤᠲᠤᠭ  ᠤᠨ ᠨᠠᠷᠢᠨ ᠪᠢᠴᠢᠭᠡᠴᠢ ᠪᠣᠯᠵᠤ᠂ ᠠᠯᠪᠠᠨ ᠶᠣᠰᠣᠭᠠᠷ ᠠᠵᠢᠯ ᠳᠤ ᠣᠷᠣᠪᠠ᠃ 1951 ᠣᠨ ᠳᠤ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠤ ᠵᠠᠰᠠᠭ  ᠤᠨ ᠣᠷᠳᠣᠨ ᠠᠴᠠ ᠴᠢᠭᠤᠯᠤᠯ   ᠲᠦ᠍ ᠬᠠᠭᠠᠯᠭ᠎ᠠ ᠳᠤ ᠡᠷᠬᠢᠯᠡᠭᠰᠡᠨ ᠣᠷᠴᠢᠭᠤᠯᠭ᠎ᠠ  ᠵᠢᠨ ᠪᠣᠯᠪᠠᠰᠤᠷᠠᠯ  ᠤᠨ ᠠᠩᠭᠢ ᠳᠤ ᠰᠤᠷᠤᠯᠴᠠᠵᠤ᠂ 1952 ᠣᠨ ᠤ ᠡᠬᠵᠢᠨ ᠳᠦ ᠦᠪᠥᠷ ᠮᠣᠩᠭᠣᠯ  ᠤᠨ ᠡᠳᠦᠷ ᠦᠨ ᠰᠣᠨᠢᠨ ᠤ ᠬᠤᠷᠢᠶᠠᠨ ᠳᠤ ᠠᠵᠢᠯ ᠬᠤᠪᠢᠶᠠᠭᠳᠠᠵᠤ᠂ ᠤᠷᠢᠳ ᠬᠣᠵᠢᠳ ᠨᠠᠢᠷᠠᠭᠤᠯᠤᠭᠴᠢ᠂ ᠣᠷᠴᠢᠭᠤᠯᠤᠭᠴᠢ  ᠵᠢᠨ ᠠᠵᠢᠯ ᠬᠢᠵᠦ᠂ ᠮᠣᠩᠭᠣᠯ ᠰᠣᠨᠢᠨ ᠤ ᠴᠠᠭ  ᠤᠨ ᠪᠠᠢᠳᠠᠯ  ᠤᠨ ᠬᠡᠯᠲᠡᠰ ᠦᠨ ᠳᠡᠳ᠋ ᠡᠷᠬᠢᠯᠡᠭᠴᠢ᠂ ᠣᠨᠣᠯ  ᠤᠨ ᠬᠡᠯᠲᠡᠰ ᠦᠨ ᠳᠡᠳ᠋ ᠡᠷᠬᠢᠯᠡᠭᠴᠢ ᠪᠣᠯᠵᠤ᠂ ᠨᠠᠮ ᠪᠣᠯ ᠤᠨ ᠲᠦᠷᠥ  ᠵᠢᠨ ᠴᠢᠬᠤᠯᠠ ᠶᠡᠬᠡ ᠬᠤᠷᠠᠯᠳᠤᠭᠠᠨ ᠤ ᠪᠢᠴᠢᠭ ᠮᠠᠲ᠋ᠧᠷᠢᠶᠠᠯ᠂ ᠤᠳᠤᠷᠢᠳᠤᠭᠴᠢ ᠬᠦᠮᠦᠰ ᠦᠨ ᠴᠢᠬᠤᠯᠠ ᠶᠠᠷᠢᠶ᠎ᠠ᠂ ᠰᠵᠢᠨᠬᠤᠸᠠ ᠬᠤᠷᠢᠶᠠᠨ ᠤ ᠴᠢᠬᠤᠯᠠ ᠴᠢᠬᠤᠯᠠ ᠡᠬᠡ ᠪᠢᠴᠢᠭ ᠦᠨ ᠣᠷᠴᠢᠭᠤᠯᠭ᠎ᠠ ᠪᠠ ᠬᠵᠢᠨᠠᠬᠤ ᠠᠵᠢᠯ ᠳᠤ ᠣᠷᠣᠯᠴᠠᠵᠤ᠂ ᠮᠣᠩᠭᠣᠯ ᠰᠣᠨᠢᠨ ᠤ ᠤᠬᠠᠭᠤᠯᠭ᠎ᠠ  ᠵᠢᠨ ᠠᠵᠢᠯ ᠳᠤ ᠬᠦᠴᠦ ᠪᠡᠨ ᠡᠷᠭᠦᠪᠡ᠃ ᠰᠣᠨᠢᠨ ᠤ ᠤᠬᠠᠭᠤᠯᠭ᠎ᠠ  ᠵᠢᠨ ᠬᠡᠷᠡᠭᠴᠡᠭᠡ ᠪᠠ ᠨᠡᠢᠭᠡᠮ ᠦᠨ ᠡᠷᠳᠡᠮ ᠰᠢᠨᠵᠢᠯᠡᠭᠡᠨ ᠦ ᠠᠵᠢᠯ ᠳᠤ ᠦᠢᠯᠡᠴᠢᠯᠡᠵᠦ᠂ 20 ᠳ᠋ᠤᠭᠠᠷ ᠵᠠᠭ ᠤᠨ ᠤ ᠲᠠᠪᠢᠭᠠᠳ ᠣᠨ ᠤ ᠡᠬᠵᠢᠨ ᠡᠴᠡ ᠶᠡᠷᠡᠭᠡᠳ ᠣᠨ ᠤ ᠳᠤᠮᠳᠠᠴᠢ ᠬᠦᠷᠲᠡᠯᠡᠬᠢ 40 ᠭᠠᠷᠤᠶ ᠵᠢᠯ ᠳᠦ ᠮᠣᠩᠭᠣᠯ ᠰᠣᠨᠢᠨ ᠰᠡᠳᠬᠦᠯ ᠳᠡᠭᠡᠷ᠎ᠡ 50 ᠭᠠᠷᠤᠶ ᠦᠭᠦᠯᠡᠯ ᠵᠣᠬᠢᠶᠠᠯ ᠨᠡᠢᠲᠡᠯᠡᠭᠦᠯᠪᠡ᠃ ᠮᠣᠩᠭᠣᠯ᠂ ᠬᠢᠲᠠᠳ ᠬᠡᠯᠡᠨ ᠳᠦ ᠨᠡᠪᠲᠡᠷᠡᠵᠦ᠂ ᠶᠠᠫᠣᠨ᠂ ᠮᠠᠨᠵᠤ᠂ ᠲᠦᠪᠡᠳ ᠬᠡᠯᠡ ᠮᠡᠳᠡᠳᠡᠭ ᠪᠦᠭᠡᠳ ᠰᠠᠨᠰᠺᠷᠢᠲ᠂ ᠣᠷᠣᠰ᠂ ᠲᠦᠷᠦᠭ᠂ ᠭ᠋ᠷᠧᠭ᠂ ᠤᠢᠭᠤᠷ ᠬᠡᠯᠡ ᠶᠢ ᠴᠦ ᠰᠤᠷᠴᠤ ᠰᠤᠳᠤᠯᠵᠤ ᠪᠠᠢᠭᠰᠠᠨ   ᠲᠦ᠍ᠯᠠ ᠲᠡᠭᠦᠨ ᠦ ᠦᠭᠦᠯᠡᠯ ᠵᠣᠬᠢᠶᠠᠯ  ᠤᠨ ᠠᠭᠤᠯᠭ᠎ᠠ ᠨᠢ ᠮᠣᠩᠭᠣᠯ ᠬᠡᠯᠡ ᠪᠢᠵᠢᠭ᠂ ᠨᠡᠷ᠎ᠡ ᠲᠣᠮᠢᠶ᠎ᠠ᠂ ᠮᠣᠩᠭᠣᠯ ᠲᠡᠦᠬᠡᠨ ᠨᠡᠷᠡᠰ᠂ ᠰᠤᠷᠪᠤᠯᠵᠢ ᠪᠢᠴᠢᠭ᠂ ᠬᠠᠷᠢ ᠭᠠᠷᠤᠯᠲᠠᠢ ᠦᠭᠡᠰ᠂ ᠲᠡᠦᠬᠡ  ᠵᠢᠨ ᠳᠤᠷᠠᠰᠬᠠᠯ   ᠲᠦ᠍ ᠵᠦᠢᠯ᠂ ᠡᠷᠲᠡᠨ ᠦ ᠰᠣᠩᠭᠣᠳᠠᠭ ᠤᠷᠠᠨ ᠵᠣᠬᠢᠶᠠᠯ  ᠤᠨ ᠣᠷᠴᠢᠭᠤᠯᠭ᠎ᠠ  ᠵᠢᠨ ᠣᠨᠣᠯ ᠪᠠ ᠲᠣᠯᠢ ᠪᠢᠴᠢᠭ ᠨᠠᠢᠷᠠᠭᠤᠯᠬᠤ ᠤᠬᠠᠭᠠᠨ ᠵᠡᠷᠭᠡ ᠶᠢ ᠬᠠᠮᠤᠷᠴᠤ ᠪᠠᠢᠳᠠᠭ᠃ 1954 ᠣᠨ ᠳᠤ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ  ᠤᠨ ᠠᠩᠬᠠᠳᠤᠭᠠᠷ ᠬᠤᠭᠤᠴᠠᠭᠠᠨ ᠤ ᠠᠷᠠᠳ  ᠤᠨ ᠲᠦᠯᠥᠭᠡᠯᠡᠭᠴᠢᠳ ᠦᠨ ᠶᠡᠬᠡ ᠬᠤᠷᠠᠯ  ᠤᠨ ᠪᠢᠴᠢᠭ ᠮᠠᠲ᠋ᠧᠷᠢᠶᠠᠯ  ᠤᠨ ᠣᠷᠴᠢᠭᠤᠯᠭ᠎ᠠ  ᠵᠢᠨ ᠠᠵᠢᠯ ᠬᠢᠵᠦ᠂ ᠰᠵᠢᠨ᠎ᠡ ᠳᠤᠮᠳᠠᠳᠤ ᠤᠯᠤᠰ  ᠤᠨ ᠠᠩᠬᠠᠳᠠᠭᠴᠢ 《ᠦᠨᠳᠦᠰᠦᠨ ᠬᠠᠤᠯᠢ》  ᠵᠢᠨ ᠮᠣᠩᠭᠣᠯᠴᠢᠯᠠᠭ᠎ᠠ ᠳᠤ ᠣᠷᠣᠯᠴᠠᠪᠠ᠃ ᠳᠤᠮᠳᠠᠳᠤ ᠤᠯᠤᠰ  ᠤᠨ ᠡᠪ ᠬᠠᠮᠲᠤ ᠨᠠᠮ  ᠤᠨ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠤ ᠬᠤᠷᠢᠶᠠᠨ ᠤ 《ᠮᠠᠤ ᠽᠸ ᠳ᠋ᠦᠩ ᠦᠨ ᠰᠣᠩᠭᠣᠮᠠᠯ ᠵᠣᠬᠢᠶᠠᠯ》 ᠢ ᠣᠷᠴᠢᠭᠤᠯᠵᠤ ᠬᠡᠪᠯᠡᠬᠦ ᠺᠣᠮᠢᠰ  ᠤᠨ ᠭᠡᠰᠢᠭᠦᠨ ᠦ ᠬᠤᠪᠢ ᠪᠠᠷ 《ᠮᠠᠤ ᠽᠸ ᠳ᠋ᠦᠩ ᠦᠨ ᠰᠣᠩᠭᠣᠮᠠᠯ ᠵᠣᠬᠢᠶᠠᠯ》  ᠤᠨ —— 4 ᠳ᠋ᠦᠭᠡᠷ ᠪᠣᠲᠢ  ᠵᠢᠨ ᠣᠷᠴᠢᠭᠤᠯᠵᠤ ᠬᠵᠢᠨᠠᠬᠤ ᠠᠵᠢᠯ ᠳᠤ ᠣᠷᠣᠯᠴᠠᠪᠠ᠃ ᠸᠧᠶ ᠸᠧᠶ  ᠵᠢᠨ 《ᠤᠷᠤᠭᠰᠢ ᠪᠠᠨ᠂ ᠡᠬᠡ ᠤᠯᠤᠰ ᠮᠵᠢᠨᠢ》 ᠭᠡᠬᠦ ᠣᠷᠳᠣ ᠮᠡᠳᠡᠭᠡᠯᠡᠯ ᠢ ᠣᠷᠴᠢᠭᠤᠯ ᠤᠨ ᠮᠣᠩᠭᠣᠯ ᠰᠣᠨᠢᠨ ᠳᠤ ᠨᠠᠢᠳᠠᠯᠠᠵᠤ ( 1953 ᠣᠨ )᠂ ᠠᠯᠳᠠᠷ   ᠲᠦ᠍ ᠵᠣᠬᠢᠶᠠᠯᠴᠢ ᠰᠢᠶᠠᠨ ᠶᠠᠨ ᠤ 《ᠪᠠᠷᠢᠴᠠᠭᠠᠨ ᠤ ᠠᠵᠢᠯᠴᠵᠢᠨ》 ᠢ ᠣᠷᠴᠢᠭᠤᠯ ᠤᠨ ᠬᠡᠪᠯᠡᠭᠦᠯᠵᠦ ( 1960 ᠣᠨ )᠂ ᠬᠢᠲᠠᠳ  ᠤᠨ ᠡᠷᠲᠡᠨ ᠦ ᠰᠣᠩᠭᠣᠳᠠᠭ ᠵᠣᠬᠢᠶᠠᠯ 《 ᠪᠠᠷᠠᠭᠤᠨᠰᠢ ᠵᠣᠷᠴᠢᠭᠰᠠᠨ ᠲᠡᠮᠳᠡᠭᠯᠡᠯ》 ᠢ ᠣᠷᠴᠢᠭᠤᠯᠵᠤ ᠬᠵᠢᠨᠠᠪᠠ ( 1977 ᠣᠨ )᠃ 《《ᠰᠤᠪᠠᠰᠢᠳᠢ》  ᠵᠢᠨ ᠣᠷᠴᠢᠭᠤᠯᠭ᠎ᠠ  ᠵᠢᠨ  ᠲᠤᠰᠭᠠᠢ》᠂ 《ᠣᠷᠴᠢᠭᠤᠯᠭ᠎ᠠ ᠳᠤ ᠣᠷᠣᠰᠢᠵᠤ ᠪᠠᠢᠭ᠎ᠠ ᠠᠰᠠᠭᠤᠳᠠᠯ  ᠤᠨ  ᠲᠤᠰᠭᠠᠢ》᠂ 《ᠳᠤᠮᠳᠠᠳᠤ ᠤᠯᠤᠰ  ᠤᠨ ᠮᠣᠩᠭᠣᠯ ᠬᠡᠯᠡᠨ ᠦ ᠰᠵᠢᠨᠵᠢᠯᠠᠯᠲᠠᠨ ᠨᠠᠷ  ᠤᠨ ᠬᠠᠮᠲᠤ  ᠵᠢᠨ ᠪᠦᠲᠦᠭᠡᠯ —— ᠮᠣᠩᠭᠣᠯ ᠣᠷᠴᠢᠭᠤᠯᠭ᠎ᠠ  ᠵᠢᠨ ᠠᠩᠬᠠᠨ ᠤ ᠭᠠᠷ  ᠤᠨ ᠠᠪᠤᠯᠭ᠎ᠠ》 ( 1963 ᠣᠨ )᠂ 《ᠣᠷᠴᠵᠢᠨ ᠦᠶ᠎ᠡ  ᠵᠢᠨ ᠮᠣᠩᠭᠣᠯ ᠣᠷᠴᠢᠭᠤᠯᠭ᠎ᠠ  ᠵᠢᠨ ᠲᠡᠦᠬᠡ  ᠵᠢᠨ ᠲᠣᠢᠮᠣ》 ( 1979 ᠣᠨ ) ᠵᠡᠷᠭᠡ ᠦᠭᠦᠯᠡᠯ ᠨᠠᠢᠳᠠᠯᠠᠵᠤ᠂ 《ᠮᠣᠩᠭᠣᠯ ᠣᠷᠴᠢᠭᠤᠯᠭ᠎ᠠ  ᠵᠢᠨ ᠲᠡᠦᠬᠡ  ᠵᠢᠨ ᠬᠤᠷᠢᠶᠠᠩᠭᠤᠶ ᠲᠣᠢᠮᠣ》 ( 1986 ᠣᠨ ) ᠭᠡᠬᠦ ᠨᠣᠮ ᠬᠡᠪᠯᠡᠭᠦᠯᠵᠦ᠂ ᠮᠣᠩᠭᠣᠯ ᠣᠷᠴᠢᠭᠤᠯᠭ᠎ᠠ  ᠵᠢᠨ 700 ᠵᠢᠯ ᠦᠨ ᠲᠡᠦᠬᠡ ᠶᠢ ᠰᠤᠳᠤᠯ ᠤᠨ ᠬᠤᠷᠢᠶᠠᠩᠭᠤᠢᠯᠠᠪᠠ᠃ 《ᠦᠨᠳᠦᠰᠦᠲᠡ? ᠦ ᠬᠡᠯᠡ ᠪᠢᠴᠢᠭ ᠦᠨ ᠠᠵᠢᠯ ᠢ ᠬᠦᠨᠳᠦᠳᠬᠡᠵᠦ᠂ ᠦᠨᠳᠦᠰᠦᠲᠡᠨ ᠦ ᠦᠭᠡ ᠬᠡᠯᠡ ᠶᠢ ᠬᠦᠭᠵᠢᠭᠦᠯᠬᠦ  ᠵᠢᠨ ᠲᠦᠯᠥᠭᠡ ᠴᠢᠷᠮᠠᠢᠵᠠᠭᠠᠶ᠎ᠠ》 ( 1953 ᠣᠨ )᠂ 《ᠨᠡᠷ᠎ᠡ ᠲᠣᠮᠢᠶ᠎ᠠ ᠨᠡᠢᠲᠡ ᠳᠤᠮᠳᠠᠬᠢ ᠪᠣ ᠯᠦ᠍ᠭᠰᠠᠨ ᠤᠴᠢᠷ》᠂ 《《ᠮᠣᠩᠭᠣᠯ》 ᠭᠡᠳᠡᠭ ᠨᠡᠷ᠎ᠡ  ᠵᠢᠨ ᠡᠭᠦᠰᠦᠯ ᠪᠠ ᠤᠳᠬ᠎ᠠ  ᠵᠢᠨ  ᠲᠤᠰᠭᠠᠢ》 1961 ᠣᠨ )᠂ 《ᠠᠷᠤ ᠭᠠᠵᠠᠷ  ᠤᠨ ᠡᠷᠲᠡᠨ ᠦ ᠠᠢᠮᠠᠭ ᠭᠦᠨ ( ᠾᠦᠨ ) ᠦ  ᠲᠤᠰᠭᠠᠢ ᠬᠡᠳᠦᠨ ᠠᠰᠠᠭᠤᠳᠠᠯ》᠂ 《ᠬᠦᠭᠬᠠᠤᠳᠠ ᠬᠠᠪᠢ  ᠵᠢᠨ ᠭᠠᠵᠠᠷ ᠤᠰ ᠤᠨ ᠤ ᠨᠡᠷᠡᠰ ᠦᠨ ᠲᠡᠦᠬᠡᠨ ᠲᠡᠮᠳᠡᠭᠯᠡᠯ ᠡᠴᠡ》᠂ 《ᠬᠡᠰᠢᠭᠲᠡᠨ ᠦ ᠲᠡᠯᠡᠶ ᠨᠠᠭᠤᠷ  ᠤᠨ ᠪᠠᠷᠠᠭᠤᠨᠳᠠᠬᠢ ᠬᠠᠭᠤᠴᠵᠢᠨ ᠬᠣᠲᠠ  ᠵᠢᠨ  ᠲᠤᠰᠭᠠᠢ ᠲᠣᠪᠴᠢ ᠲᠡᠮᠳᠡᠭᠯᠡᠯ》᠂ 《ᠮᠣᠩᠭᠣᠯ  ᠤᠨ ᠵᠠᠷᠢᠮ ᠣᠪᠣᠭ  ᠤᠨ ᠭᠠᠷᠤᠯ ᠡᠭᠦᠰᠦᠯ ᠦᠨ  ᠲᠤᠰᠭᠠᠢ   ᠲᠦ᠍ᠷᠰᠵᠢᠨ ᠲᠡᠮᠳᠡᠭᠯᠡᠬᠦ ᠨᠢ》᠂ 《ᠮᠣᠩᠭᠣᠯ ᠲᠡᠦᠬᠡᠨ ᠨᠡᠷᠡᠰ ᠦᠨ ᠲᠠᠢᠯᠪᠤᠷᠢ ᠵᠠᠭ ᠤᠨ ᠵᠦᠢᠯ ᠣᠷᠣᠰᠢᠪᠠ》 ( 1980—— 1983 ᠣᠨ )᠂ 《ᠮᠣᠩᠭᠣᠯ  ᠤᠨ ᠪᠢᠴᠢᠭ ᠦᠨ ᠰᠣᠶᠣᠯ  ᠤᠨ ᠲᠡᠦᠬᠡᠨ ᠡᠴᠡ》 ( B83 ~ 1988 ᠣᠨ )᠂ 《ᠮᠣᠩᠭᠣᠯ ᠬᠡᠯᠡᠨ ᠳᠡᠬᠢ ᠢᠵᠢᠯ ᠭᠠᠷᠤᠯ ᠬᠠᠷᠢ ᠭᠠᠷᠤᠯᠲᠠᠢ ᠦᠭᠡᠰ ᠦᠨ ᠲᠣᠯᠢᠴᠢᠯᠠᠭᠰᠠᠨ ᠲᠡᠭᠦᠪᠦᠷᠢ》 ( 28 ᠪᠦᠯᠦᠭ᠂ 1990~ 1993 ᠣᠨ )᠂ 《ᠯᠢᠶᠣᠣ ᠤᠯᠤᠰ  ᠤᠨ ᠲᠡᠦᠬᠡᠨ ᠦᠭᠡᠰ ᠦᠨ ᠲᠠᠢᠯᠪᠤᠷᠢ ᠠᠴᠠ》᠂ 《ᠠᠯᠲᠠᠨ ᠤᠯᠤᠰ  ᠤᠨ ᠲᠡᠦᠬᠡᠨ ᠦᠭᠡᠰ ᠦᠨ ᠲᠠᠢᠯᠪᠤᠷᠢ ᠠᠴᠠ》᠂ 《ᠶᠤᠸᠭ ᠤᠯᠤᠰ  ᠤᠨ ᠲᠡᠦᠬᠡᠨ ᠦᠭᠡᠰ ᠦᠨ ᠲᠠᠢᠯᠪᠤᠷᠢ ᠠᠴᠠ》᠂ 《ᠮᠣᠩᠭᠣᠯ  ᠤᠨ ᠶᠢᠷᠲᠵᠢᠨᠴᠦ ᠶᠢ ᠰᠡᠩᠬᠡᠷᠡᠭᠦᠯᠬᠦ ᠲᠣᠭᠠᠴᠢᠯᠠᠭᠰᠠᠨ ᠬᠠᠤᠯᠢ ᠦᠭᠡᠰ ᠦᠨ ᠲᠡᠭᠦᠪᠦᠷᠢ》 《《ᠲᠠᠪ ᠤᠨ ᠤᠬᠠᠭᠠᠨ》 ᠤ ᠲᠣᠪᠴᠢ ᠮᠡᠳᠡᠭᠳᠡᠬᠦᠨ》᠂ 《ᠰᠡᠲᠡᠷ —— ᠰᠧᠲ᠋ᠧᠷ ᠦᠨ ᠤᠭ ᠭᠠᠷᠤᠯ  ᠤᠨ  ᠲᠤᠰᠭᠠᠢ ᠵᠦᠪᠯᠡᠬᠦ ᠨᠢ》 ( 1996 ᠣᠨ ) ᠵᠡᠷᠭᠡ ᠦᠭᠦᠯᠡᠯ ᠵᠣᠬᠢᠶᠠᠯ ᠨᠠᠢᠳᠠᠯᠠᠵᠤ᠂ 《ᠮᠣᠩᠭᠣᠯ ᠬᠡᠯᠡᠨ ᠦ ᠳᠤᠷᠠᠰᠬᠠᠯ   ᠲᠦ᠍ ᠪᠢᠴᠢᠭ ᠦᠨ ᠲᠣᠯᠢᠴᠢᠯᠠᠭᠰᠠᠨ ᠲᠡᠭᠦᠪᠦᠷᠢ ᠲᠠᠨᠢᠯᠴᠠᠭᠤᠯᠭ᠎ᠠ》 ( 1980 ᠣᠨ )᠂ 《ᠮᠣᠩᠭᠣᠯ  ᠤᠨ ᠪᠢᠴᠢᠭ ᠦᠨ ᠰᠣᠶᠣᠯ  ᠤᠨ ᠲᠡᠦᠬᠡ  ᠵᠢᠨ   ᠲᠦ᠍ᠷᠰᠢᠯᠲᠠ ᠲᠡᠭᠦᠬᠡ》》 《1990 ᠣᠨ ) ᠭᠡᠬᠦ ᠨᠣᠮ ᠢᠶᠠᠨ ᠬᠡᠪᠯᠡᠭᠦᠯᠪᠡ᠃ 《ᠬᠣᠰ᠌ᠣᠩ ᠰᠢᠯᠦᠭᠴᠢ ᠰ᠌ᠠᠭᠲᠠᠷ  ᠤᠨ  ᠲᠤᠰᠭᠠᠢ》 ( 1957 ᠣᠨ ) ᠭᠡᠬᠦ ᠦᠭᠦᠯᠡᠯ ᠨᠠᠢᠳᠠᠯᠠᠵᠤ᠂ ? . ᠦᠷᠭᠦᠨ ᠦ ᠡᠮᠬᠢᠳᠬᠡᠨ ᠬᠡᠪᠯᠡᠭᠦᠯᠦᠭᠰᠡᠨ 《ᠰ᠌ᠠᠭᠲᠠᠷ 《ᠰᠣᠯᠢᠶᠠ   ᠲᠦ᠍ )》 ( 1959 ᠣᠨ ) ᠭᠡᠬᠦ ᠨᠣᠮ ᠳᠤ ᠣᠷᠣᠰᠢᠯ ᠪᠠᠴᠵᠢᠨ ᠦᠭᠴᠦ᠂ ᠠᠷᠠᠳ  ᠤᠨ ᠠᠮᠠᠨ ᠢᠷᠠᠭᠤ ᠨᠠᠢᠷᠠᠭᠴᠢ ᠰ᠌ᠠᠭᠲᠠᠷ ᠢ ᠠᠩᠬ᠎ᠠ ᠤᠳᠠᠭ᠎ᠠ ᠵᠦᠪ ᠦᠨᠡᠯᠡᠨ᠂ ᠰ᠌ᠠᠭᠲᠠᠷ  ᠤᠨ  ᠲᠤᠰᠭᠠᠢ ᠰᠤᠳᠤᠯᠤᠯ ᠳᠤ ᠰᠠᠭᠤᠷᠢ ᠲᠠᠯᠪᠵᠢᠨ ᠦᠭᠪᠡ᠃ 《ᠬᠦᠬᠡ ᠰᠤᠳᠤᠷ》  ᠤᠨ ᠵᠠᠷᠢᠮ ᠨᠡᠷᠡᠰ ᠦᠨ ᠳᠠᠭᠤᠳᠠᠯᠭ᠎ᠠ  ᠵᠢᠨ  ᠲᠤᠰᠭᠠᠢ   ᠲᠦ᠍ᠷᠰᠵᠢᠨ ᠲᠡᠮᠳᠡᠭᠯᠡᠬᠦ ᠨᠢ》 《1958 ᠣᠨ )᠂ 《《ᠭᠡᠰᠡᠷ ᠦᠨ    ᠲᠤᠭᠤᠵᠢ》  ᠵᠢᠨ ᠬᠡᠯᠡᠨ ᠦ  ᠲᠤᠰᠭᠠᠢ》᠂ 《《ᠭᠡᠰᠡᠷ ᠦᠨ    ᠲᠤᠭᠤᠵᠢ》  ᠵᠢᠨ ᠨᠡᠷᠡᠰ ᠦᠨ ᠲᠠᠢᠯᠪᠤᠷᠢ》᠂ 《《ᠵᠢᠩᠭᠠᠷ )  ᠤᠨ ᠵᠠᠷᠢᠮ ᠨᠡᠷᠡᠰ ᠦᠨ ᠲᠠᠢᠯᠪᠤᠷᠢ》᠂ 《ᠮᠣᠩᠭᠣᠯ ᠦᠯᠢᠭᠡᠷ ᠲᠦ ᠠᠬ᠎ᠠ ᠳᠡᠭᠦᠦ ᠦᠨᠳᠦᠰᠦᠲᠡᠨ? ᠦ ᠡᠷᠲᠡᠨ ᠦ ᠰᠣᠩᠭᠣᠳᠠᠭ ᠵᠣᠬᠢᠶᠠᠯ ᠳᠤ ᠬᠣᠯᠪᠣᠭᠳᠠᠬᠤ ᠨᠢ》 ( 1963 ᠣᠨ ) ᠵᠡᠷᠭᠡ ᠦᠭᠦᠯᠡᠯ ᠨᠠᠢᠳᠠᠯᠠᠵᠤ᠂ ᠡᠷᠲᠡᠨ ᠦ ᠰᠣᠩᠭᠣᠳᠠᠭ ᠵᠣᠬᠢᠶᠠᠯ  ᠤᠨ ᠰᠤᠳᠤᠯᠤᠯ ᠳᠤ ᠯᠠᠪᠯᠠᠯᠲᠠ ᠪᠣᠯᠭᠠᠪᠠ᠃ 《ᠮᠣᠩᠭᠣᠯ ᠬᠡᠯᠡᠨ ᠦ ᠤᠤᠭᠠᠨ ᠲᠠᠢᠯᠪᠤᠷᠢ ᠲᠣᠯᠢ —— 《ᠬᠣᠷᠵᠢᠨ ᠨᠢᠭᠡᠲᠦ》》᠂ 《ᠮᠣᠩᠭᠣᠯ ᠦᠨᠳᠦᠰᠦᠲᠡᠨ ᠦ ᠰᠢᠨᠵᠢᠯᠡᠬᠦ ᠤᠬᠠᠭᠠᠨ ᠤ ᠤᠤᠭᠠᠨ ᠲᠣᠯᠢ —— 《ᠮᠡᠷᠭᠡᠳ ᠭᠠᠷᠬᠤ  ᠵᠢᠨ ᠣᠷᠣᠨ》》 ᠵᠡᠷᠭᠡ ᠦᠭᠦᠯᠡᠯ ᠨᠠᠢᠳᠠᠯᠠᠵᠤ᠂ 《ᠬᠣᠷᠵᠢᠨ ᠨᠢᠭᠡᠲᠦ ᠲᠠᠢᠯᠪᠤᠷᠢ ᠲᠣᠯᠢ》 ( 1977 ᠣᠨ )᠂ 《ᠮᠡᠷᠭᠡᠳ ᠭᠠᠷᠬᠤ  ᠵᠢᠨ ᠣᠷᠣᠨ》 ( 1982 ᠣᠨ )᠂ 《ᠬᠣᠷᠵᠢᠨ ᠨᠠᠢᠮᠠᠳᠤ ᠲᠠᠢᠯᠪᠤᠷᠢ ᠲᠣᠯᠢ》 《1994 ᠣᠨ ) ᠶᠢ ᠡᠮᠬᠢᠳᠬᠡᠨ ᠬᠡᠪᠯᠡᠭᠦᠯᠬᠦ ᠠᠵᠢᠯ ᠳᠤ ᠭᠣᠣᠯᠴᠢᠯᠠᠨ ᠣᠷᠣᠯᠴᠠᠵᠤ᠂ 《ᠬᠢᠲᠠᠳ ᠮᠣᠩᠭᠣᠯ ᠲᠣᠯᠢ》 ( 1964 ᠣᠨ )᠂ 《ᠬᠢᠲᠠᠳ ᠮᠣᠩᠭᠣᠯ ᠬᠡᠪᠰᠢᠭᠰᠡᠨ ᠦᠭᠡ  ᠵᠢᠨ ᠲᠣᠯᠢ》 ( 1972 ᠣᠨ )᠂ 《ᠮᠣᠩᠭᠣᠯ ᠦᠭᠡᠰ ᠦᠨ ᠢᠵᠠᠭᠤᠷ  ᠤᠨ ᠲᠣᠯᠢ》 《1988 ᠣᠨ ) ᠵᠡᠷᠭᠡ ᠠᠷᠪᠠᠭᠠᠳ ᠲᠣᠯᠢ ᠪᠠ 《ᠮᠣᠩᠭᠣᠯ ᠵᠠᠩ ᠦᠢᠯᠡ  ᠵᠢᠨ ᠨᠡᠪᠲᠡᠷᠬᠡᠶ ᠲᠣᠯᠢ》 《1996 ᠣᠨ )  ᠵᠢᠨ ᠵᠠᠷᠢᠮ ᠬᠡᠰᠡᠭ ᠪᠦᠯᠦᠭ ᠢ ᠬᠵᠢᠨᠠᠬᠤ ᠠᠵᠢᠯ ᠳᠤ ᠣᠷᠣᠯᠴᠠᠪᠠ᠃ 1989 ᠣᠨ ᠳᠤ ᠳᠤᠮᠳᠠᠳᠤ ᠤᠯᠤᠰ  ᠤᠨ ᠡᠪ ᠬᠠᠮᠲᠤ ᠨᠠᠮ ᠳᠤ ᠣᠷᠣᠪᠠ᠃ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠤ ᠮᠣᠩᠭᠣᠯ ᠣᠷᠴᠢᠭᠤᠯᠭ᠎ᠠ  ᠵᠢᠨ ᠰᠤᠳᠤᠯᠬᠤ ᠨᠡᠢᠭᠡᠮᠯᠢᠭ ᠦᠨ ᠨᠡᠷ᠎ᠡ ᠬᠦᠨᠳᠦᠲᠦ ᠬᠡᠷᠡᠭ ᠡᠷᠬᠢᠯᠡᠭᠴᠢᠳ ᠦᠨ ᠳᠠᠷᠤᠭ᠎ᠠ᠂ ᠳᠤᠮᠳᠠᠳᠤ ᠤᠯᠤᠰ  ᠤᠨ ᠮᠣᠩᠭᠣᠯ ᠤᠳᠬ᠎ᠠ ᠵᠣᠬᠢᠶᠠᠯ  ᠤᠨ ᠰᠢᠨᠵᠢᠯᠡᠭᠡᠨ ᠦ ᠨᠡᠢᠭᠡᠮᠯᠢᠭ ᠦᠨ ᠨᠡᠷ᠎ᠡ ᠬᠦᠨᠳᠦᠲᠦ ᠬᠡᠷᠡᠭ ᠡᠷᠬᠢᠯᠡᠭᠴᠢ ᠵᠡᠷᠭᠡ ᠨᠡᠢᠭᠡᠮ ᠦᠨ    ᠲᠤᠰᠢᠶᠠᠯ ᠲᠠᠢ ᠪᠠᠢᠪᠠ᠃