ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠷᠵᠢᠨᠴᠵᠢᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠷᠵᠢᠨᠴᠵᠢᠨ ( 1905~ 1977 ) ᠰᠡᠳᠬᠦᠯᠴᠢ᠂ ᠵᠣᠬᠢᠶᠠᠯᠴᠢ᠂ ᠣᠷᠴᠢᠭᠤᠯᠤᠭᠴᠢ᠃ ᠮᠣᠩᠭᠣᠯ ᠤᠯᠤᠰ  ᠤᠨ ᠣᠲᠣ  ᠵᠢᠨ ᠰᠡᠯᠡᠩᠭᠡ ᠠᠢᠮᠠᠭ  ᠤᠨ ᠪᠣᠯᠤᠰᠠᠷᠠᠶ ᠬᠡᠮᠡᠬᠦ ᠭᠠᠵᠠᠷ ᠲᠦᠷᠥᠵᠡᠢ᠃ 1922 ᠣᠨ ᠳᠤ ᠯᠧᠨᠵᠢᠨᠭᠡᠨᠷᠡᠳ᠋ ᠦᠨ ᠳᠣᠷᠣᠨᠠᠳᠠᠬᠵᠢᠨ ᠤ ᠳᠡᠭᠡᠳᠦ ᠰᠤᠷᠭᠠᠭᠤᠯᠢ ᠶᠢ ᠲᠡᠭᠦᠰᠬᠡᠵᠡᠢ᠃ 1923 ᠣᠨ ᠠᠴᠠ ᠡᠬᠢᠯᠡᠨ ᠤᠷᠠᠨ ᠵᠣᠬᠢᠶᠠᠯ ᠪᠢᠴᠢᠵᠤ᠂ 1956 ᠣᠨ ᠳᠤ ᠬᠡᠯᠡ ᠰᠵᠢᠨᠵᠢᠯᠡᠯ ᠦᠨ ᠤᠬᠠᠭᠠᠨ ᠤ ᠳ᠋ᠣᠺᠲ᠋ᠤᠷ  ᠤᠨ ᠴᠣᠯᠠ ᠬᠠᠮᠠᠭᠠᠯᠠᠪᠠ᠃ l943 ᠣᠨ ᠠᠴᠠ 《ᠦᠨᠡᠨ》 ᠰᠣᠨᠢᠨ ᠳᠤ ᠠᠵᠢᠯᠯᠠᠵᠤ᠂ ᠣᠷᠣᠰ ᠬᠡᠯᠡᠨ ᠦ ᠰᠣᠨᠢᠨ ᠤ ᠨᠠᠷᠢᠨ ᠪᠢᠴᠢᠭ ᠦᠨ ᠳᠠᠷᠤᠭ᠎ᠠ ᠪᠠᠢᠪᠠ᠃ ᠲᠡᠷᠡ 《ᠦᠨᠡᠨ》 ᠰᠣᠨᠢᠨ ᠢ ᠣᠷᠣᠰ ᠬᠡᠯᠡ ᠪᠡᠷ ᠣᠷᠴᠢᠭᠤᠯᠵᠤ ᠬᠡᠪᠯᠡᠭᠦᠯᠬᠦ  ᠵᠢᠨ ᠬᠠᠮᠲᠤ 《ᠶᠡᠬᠡ ᠭᠣᠪᠢ  ᠵᠢᠨ ᠵᠣᠷᠢᠭ   ᠲᠦ᠍ ᠬᠦᠮᠦᠰ》 ᠵᠡᠷᠭᠡ ᠠᠯᠳᠠᠷ   ᠲᠦ᠍ ᠨᠠᠢᠷᠠᠭᠤᠯᠤᠯ ᠪᠢᠴᠢᠭᠰᠡᠨ ᠪᠠᠵᠢᠨ᠎ᠠ᠃ 1951 ᠣᠨ ᠳᠤ ᠷᠣᠮᠠᠨ 《ᠦᠷ ᠦᠨ   ᠲᠦ᠍ᠶᠠᠭ᠎ᠠ》᠂ 1964 ᠣᠨ ᠳᠤ ᠷᠣᠮᠠᠨ 《ᠵᠢᠭᠠᠬᠠᠨ ᠵᠠᠯᠠᠭᠤᠳᠠᠢ》 ᠵᠡᠷᠭᠡ ᠣᠯᠠᠨ ᠠᠷᠪᠵᠢᠨ ᠵᠣᠬᠢᠶᠠᠯ ᠨᠡᠢᠲᠡᠯᠡᠭᠡᠳ ᠠᠯᠳᠠᠷ   ᠲᠦ᠍ ᠵᠣᠬᠢᠶᠠᠯᠴᠢ ᠠᠺᠠᠳᠧᠮᠢᠴᠢ ᠪᠣᠯᠪᠠ᠃ ᠪᠠᠰᠠ ᠣᠷᠣᠰ  ᠤᠨ ᠠ᠊᠂ ᠰ᠂ ᠫᠦᠰ᠌ᠺᠵᠢᠨ᠂ ᠮ᠂ ᠭᠣᠷᠺᠢ᠂ ᠫ᠂ ᠴᠢᠬᠤᠸ᠂ ᠡ᠊ ᠳᠣᠯᠰᠲ᠋ᠤᠶ᠂ ᠨ᠂ ᠤᠰᠲ᠋ᠷᠣᠸᠰᠺᠢ᠂ ᠰ᠌ᠤᠯᠤᠬᠤᠸ ᠨᠠᠷ  ᠤᠨ ᠵᠣᠬᠢᠶᠠᠯ ᠢ ᠣᠯᠠᠨ ᠣᠷᠴᠢᠭᠤᠯ ᠤᠨ ᠬᠡᠪᠯᠡᠭᠦᠯᠵᠦ᠂ ᠦᠨᠳᠦᠰᠦᠲᠡᠨ ᠦ ᠪᠡᠨ ᠰᠣᠶᠣᠯ ᠢ ᠬᠦᠭᠵᠢᠭᠦᠯᠬᠦ ᠳᠦ ᠦᠯᠡᠮᠵᠢ ᠵᠢᠳᠬᠦᠯ ᠦᠵᠡᠭᠦᠯᠵᠡᠢ᠃ ᠡᠨᠡ ᠪᠦᠬᠦᠨ ᠢᠶᠡᠷ ᠢᠶᠡᠨ ᠮᠣᠩᠭᠣᠯ ᠤᠯᠤᠰ  ᠤᠨ ᠬᠦᠳᠡᠯᠮᠦᠷᠢ  ᠵᠢᠨ ᠭᠠᠪᠢᠶᠠᠨ ᠤ ᠤᠯᠠᠭᠠᠨ    ᠲᠤᠭ  ᠤᠨ ᠣᠳᠣᠨ᠂ ᠠᠯᠲᠠᠨ ᠭᠠᠳᠠᠰᠤ ᠣᠳᠣᠨ ᠢᠶᠠᠷ ᠲᠣᠰ ᠲᠣᠰ ᠱᠠᠩᠨᠠᠭᠤᠯᠵᠠᠢ᠃