ᠨᠡᠷ᠎ᠡ:
ᠷᠠᠰᠢᠲᠣᠩᠷᠣᠪ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠷᠠᠰᠢᠲᠣᠩᠷᠣᠪ ( 1923~》 ᠬᠢᠨᠠᠨ ᠨᠠᠢᠷᠠᠭᠤᠯᠤᠭᠴᠢ᠂ ᠣᠷᠴᠢᠭᠤᠯᠤᠭᠴᠢ᠃ ᠯᠢᠶᠣᠣᠨᠢᠩ ᠮᠤᠵᠢ ᠵᠢᠨ ᠹᠦᠰᠵᠢᠨ ᠰᠢᠶᠠᠨ ᠳᠤ ᠨᠤᠲᠤᠭ ᠲᠠᠢ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠂ ᠦᠪᠥᠷ ᠮᠣᠩᠭᠣᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶᠠᠨ ᠤ ᠳᠡᠳ᠋ ᠳᠠᠷᠤᠭ᠎ᠠ ᠪᠠᠢᠪᠠ᠃ 1946 ᠣᠨ ᠠᠴᠠ ᠡᠮᠦᠨ᠎ᠡ ᠪᠡᠭᠡᠵᠢᠩ ᠳᠡᠬᠢ ᠹᠦᠷᠸᠨ ᠶᠡᠬᠡ ᠰᠤᠷᠭᠠᠭᠤᠯᠢ ᠳᠤ ᠰᠤᠷᠤᠯᠴᠠᠵᠤ ᠪᠠᠢᠵᠠᠢ᠃ 1946 6 ~ 1946 12 ᠰᠠᠷ᠎ᠠ ᠳᠤ ᠵᠡᠭᠦᠨ ᠬᠣᠢᠲᠤ ᠵᠢᠨ ᠴᠡᠷᠢᠭ ᠵᠠᠰᠠᠭ ᠤᠨ ᠶᠡᠬᠡ ᠰᠤᠷᠭᠠᠭᠤᠯᠢ ᠳᠤ ᠰᠤᠷᠤᠯᠴᠠᠵᠤ ᠪᠠᠢᠪᠠ᠃ 1946—— 1953 ᠣᠨ ᠳᠤ ᠬᠢᠩᠭᠠᠨ ᠴᠡᠷᠢᠭ ᠦᠨ ᠲᠣᠭᠣᠷᠢᠭ᠂ ᠦᠪᠥᠷ ᠮᠣᠩᠭᠣᠯ ᠤᠨ ᠴᠡᠷᠢᠭ ᠵᠠᠰᠠᠭ ᠤᠨ ᠶᠡᠬᠡ ᠰᠤᠷᠭᠠᠭᠤᠯᠢ᠂ ᠬᠠᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠵᠡᠷᠭᠡ ᠭᠠᠵᠠᠷ ᠤᠳ ᠲᠦ᠍ ᠮᠣᠩᠭᠣᠯ ᠬᠢᠲᠠᠳ ᠢᠶᠠᠷ ᠨᠠᠢᠷᠠᠭᠤᠯᠬᠤ ᠠᠵᠢᠯ᠂ ᠬᠢᠴᠢᠶᠡᠯ ᠬᠦᠮᠦᠵᠢᠯ ᠦᠨ ᠡᠷᠬᠢᠯᠡᠭᠴᠢ ᠵᠢᠨ ᠠᠵᠢᠯ ᠤᠳ ᠢ ᠬᠢᠵᠦ ᠪᠠᠢᠪᠠ᠃ 1953 ᠣᠨ ᠠᠴᠠ ᠡᠬᠢᠯᠡᠨ ᠦᠪᠥᠷ ᠮᠣᠩᠭᠣᠯ ᠤᠨ ᠠᠷᠠᠳ ᠤᠨ ᠬᠡᠪᠯᠡᠯ ᠦᠨ ᠬᠤᠷᠢᠶᠠᠨ ᠤ ᠰᠵᠢᠨ᠎ᠡ ᠪᠠᠢᠭᠤᠯᠤᠭᠳᠠᠭᠰᠠᠨ ᠰᠤᠷᠬᠤ ᠪᠢᠴᠢᠭ ᠨᠠᠢᠷᠠᠭᠤᠯᠬᠤ ᠲᠠᠰᠤᠭ ᠤᠨ ᠳᠡᠳ᠋ ᠡᠷᠬᠢᠯᠡᠭᠴᠢ᠂ ᠡᠷᠬᠢᠯᠡᠭᠴᠢ ᠪᠡᠷ ᠠᠵᠢᠯᠯᠠᠪᠠ᠃ ᠲᠡᠷᠡ ᠬᠢᠷᠢ ᠦᠪᠡᠷᠲᠡᠭᠡᠨ ᠵᠠᠰᠠᠬᠤ ᠣᠷᠣᠨ ᠪᠠᠢᠭᠤᠯᠤᠭᠳᠠᠭᠠᠳ ᠬᠡᠳᠦᠬᠡᠨ ᠵᠢᠯ ᠪᠣᠯᠵᠤ ᠪᠠᠢᠭᠰᠠᠨ ᠲᠦ᠍ᠯᠠ ᠮᠣᠩᠭᠣᠯ ᠳᠤᠮᠳᠠᠳᠤ ᠪᠠᠭ᠎ᠠ ᠰᠤᠷᠭᠠᠭᠤᠯᠢ ᠵᠢᠨ ᠰᠤᠷᠬᠤ ᠪᠢᠴᠢᠭ ᠨᠢᠭᠡ ᠬᠣᠶᠠᠷ ᠵᠦᠢᠯ ᠯᠡ ᠪᠠᠢᠭᠰᠠᠨ ᠶᠤᠮ᠃ ᠡᠭᠦᠨ ᠳᠦ ᠲᠡᠷᠡ ᠮᠣᠩᠭᠣᠯ ᠰᠤᠷᠬᠤ ᠪᠢᠴᠢᠭ ᠢ ᠢᠵᠢ ᠪᠦᠷᠢᠳᠦᠭᠦᠯᠦᠨ ᠲᠡᠭᠦᠯᠳᠡᠷᠵᠢᠭᠦᠯᠬᠦ ᠪᠡᠷ ᠬᠡᠳᠦᠨ ᠵᠢᠯ ᠦᠨ ᠲᠦᠰᠦᠪ ᠲᠦᠯᠥᠪᠯᠡᠭᠡ ᠲᠣᠭᠲᠠᠭᠠᠨ ᠨᠠᠢᠷᠠᠭᠤᠯᠤᠭᠴᠢᠳ ᠢ ᠵᠣᠬᠢᠶᠠᠨ ᠪᠠᠢᠭᠤᠯᠵᠤ ᠰ᠌ᠠᠯᠠᠪᠲᠠᠨ ᠠᠵᠢᠯᠯᠠᠪᠠ᠃ ᠬᠡᠳᠦᠬᠡᠨ ᠵᠢᠯ ᠦᠨ ᠬᠤᠭᠤᠴᠠᠭ᠎ᠠ ᠳᠤ 15 ᠬᠢᠴᠢᠶᠡᠯ ᠲᠦᠷᠥᠯ ᠦᠨ 64 ᠵᠦᠢᠯ ᠦᠨ ᠰᠤᠷᠬᠤ ᠪᠢᠴᠢᠭ ᠢ ᠦᠨᠳᠦᠰᠦᠨ ᠳᠦᠨᠢ ᠪᠦᠷ ᠰᠵᠢᠨ᠎ᠡ ᠪᠡᠷ ᠨᠠᠢᠷᠠᠭᠤᠯᠬᠤ ᠪᠠ ᠣᠷᠴᠢᠭᠤᠯᠵᠤ ᠳᠠᠭᠤᠰᠬᠠᠭᠠᠳ᠂ ᠲᠤᠰᠭᠠᠢ ᠵᠢᠨ ᠦᠶ᠎ᠡ ᠵᠢᠨ ᠦᠳᠲᠡᠷ ᠲᠦᠷᠭᠡᠨ ᠬᠦᠭᠵᠢᠵᠦ ᠪᠠᠢᠭᠰᠠᠨ ᠦᠨᠳᠦᠰᠦᠲᠡᠨ ᠦ ᠡᠩ ᠦᠨ ᠰᠤᠷᠭᠠᠨ ᠬᠦᠮᠦᠵᠢᠯ ᠦᠨ ᠬᠡᠷᠡᠭᠴᠡᠭᠡ ᠶᠢ ᠬᠠᠩᠭᠠᠪᠠ᠃ ᠡᠨᠡ ᠨᠢ ᠬᠣᠢᠰᠢᠳᠠ ᠵᠢᠨ ᠳᠤᠮᠳᠠᠳᠤ ᠪᠠᠭ᠎ᠠ ᠰᠤᠷᠭᠠᠭᠤᠯᠢ ᠵᠢᠨ ᠮᠣᠩᠭᠣᠯ ᠰᠤᠷᠬᠤ ᠪᠢᠴᠢᠭ ᠢ ᠪᠦᠬᠥ ᠲᠠᠯ᠎ᠠ ᠪᠠᠷ᠂ ᠦᠷᠭᠡᠨ ᠬᠡᠪᠴᠢᠶ᠎ᠡ ᠪᠡᠷ ᠨᠠᠢᠷᠠᠭᠤᠯ ᠤᠨ ᠬᠡᠪᠯᠡᠭᠦᠯᠬᠦ ᠠᠵᠢᠯ ᠤᠨ ᠦᠨᠳᠦᠰᠦᠨ ᠰᠠᠭᠤᠷᠢ ᠶᠢ ᠲᠠᠯᠪᠢᠭᠰᠠᠨ ᠶᠤᠮ᠃ 1960 ᠣᠨ ᠳᠤ ᠦᠪᠥᠷ ᠮᠣᠩᠭᠣᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠣᠷᠢᠶ᠎ᠠ ᠪᠠᠢᠭᠤᠯᠤᠭᠳᠠᠬᠤ ᠳᠤ ᠮᠣᠩᠭᠣᠯ ᠰᠤᠷᠬᠤ ᠪᠢᠴᠢᠭ ᠨᠠᠢᠷᠠᠭᠤᠯᠬᠤ ᠲᠠᠰᠤᠭ ᠤᠨ ᠬᠵᠢᠨ ᠢ ᠬᠡᠪ ᠢᠶᠡᠷ ᠨᠢ ᠰᠢᠯᠵᠢᠭᠦᠯᠦᠨ ᠠᠪᠠᠴᠢᠭᠰᠠᠨ ᠪᠦᠭᠡᠳ ᠷᠠᠰᠢᠲᠣᠩᠷᠣᠪ ᠢ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶᠠᠨ ᠤ ᠳᠡᠳ᠋ ᠳᠠᠷᠤᠭ᠎ᠠ ᠪᠠᠷ ᠲᠣᠮᠢᠯᠠᠪᠠ᠃ ᠲᠡᠷᠡ ᠪᠡᠷ l984 ᠣᠨ ᠬᠦᠷᠲᠡᠯ᠎ᠡ ᠰᠤᠷᠬᠤ ᠪᠢᠴᠢᠭ ᠨᠠᠢᠷᠠᠭᠤᠯᠬᠤ ᠠᠵᠢᠯ ᠢ ᠪᠦᠬᠥ ᠲᠠᠯ᠎ᠠ ᠪᠠᠷ ᠤᠳᠤᠷᠢᠳᠬᠤ ᠪᠠᠢᠷᠵᠢᠨ ᠳᠤ ᠪᠠᠢᠵᠤ ᠶᠡᠬᠡ ᠬᠡᠮᠵᠢᠶᠡᠨ ᠦ ᠠᠵᠢᠯ ᠬᠢᠵᠠᠶ᠃ ᠬᠡᠪᠯᠡᠯ ᠦᠨ ᠬᠤᠷᠢᠶᠠᠨ ᠤ ᠠᠵᠢᠯ ᠤᠨ ᠡᠭᠦᠷᠭᠡ ᠴᠢᠭᠯᠡᠯᠲᠡ᠂ ᠰᠤᠷᠬᠤ ᠪᠢᠴᠢᠭ ᠨᠠᠢᠷᠠᠭᠤᠯᠬᠤ ᠵᠠᠷᠴᠢᠮ᠂ ᠴᠢᠬᠤᠯᠠ ᠴᠢᠬᠤᠯᠠ ᠲᠦᠷᠢᠮ ᠲᠣᠭᠲᠠᠭᠠᠯ᠂ ᠲᠦᠰᠦᠪ ᠲᠦᠯᠥᠪᠯᠡᠭᠡ ᠵᠢᠴᠢ ᠭᠣᠣᠯ ᠪᠣᠯᠬᠤ ᠬᠢᠴᠢᠶᠡᠯ ᠲᠦᠷᠥᠯ ᠦᠨ ᠫᠷᠥᠭᠷᠡᠮ ᠢ ᠪᠦᠷ ᠦᠪᠡᠰᠦᠪᠡᠨ ᠲᠤᠭᠤᠷᠪᠵᠢᠨ ᠪᠢᠴᠢᠵᠤ ᠬᠠᠮᠢᠶ᠎ᠠ ᠪᠦᠬᠦᠶ ᠲᠠᠯ᠎ᠠ ᠵᠢᠨ ᠶᠠᠷᠢᠯᠴᠠᠭ᠎ᠠ᠂ ᠪᠠ ᠲᠦ᠍ᠯᠠᠭᠠ ᠶᠢ ᠦᠩᠭᠡᠷᠡᠭᠡᠭᠡᠳ ᠬᠡᠷᠡᠭᠵᠢᠭᠦᠯᠵᠦ ᠪᠠᠢᠭᠰᠠᠨ ᠶᠤᠮ᠂ ᠬᠡᠷᠡᠭ ᠳᠡᠭᠡᠷ᠎ᠡ ᠪᠡᠨ 20 ᠭᠠᠷᠤᠶ ᠵᠢᠯ ᠦᠨ ᠲᠦ᠍ᠷᠰᠢ ᠪᠦᠬᠥ ᠬᠤᠷᠢᠶᠠᠨ ᠤ ᠨᠠᠢᠷᠠᠭᠤᠯᠬᠤ ᠠᠵᠢᠯ ᠤᠨ ᠶᠡᠷᠦᠩᠬᠡᠶ ᠵᠢᠷᠦᠨ ᠲᠦᠯᠥᠪᠯᠡᠭᠴᠢ ᠵᠢᠨ ᠦᠢᠯᠡᠳᠦᠯ ᠢ ᠦᠵᠡᠭᠦᠯᠵᠦ ᠪᠠᠢᠵᠠᠢ᠃ ᠡᠨᠡ ᠬᠤᠭᠤᠴᠠᠭ᠎ᠠ ᠳᠤ ᠷᠠᠰᠢᠲᠣᠩᠷᠣᠪ ᠤᠨ ᠲᠦᠰᠥᠪᠯᠡᠭᠡ ᠪᠠ ᠵᠢ ᠯᠦ᠍ᠭᠣᠳᠣᠯᠭᠠ ᠪᠠᠷ ᠰᠤᠷᠭᠠᠨ ᠬᠦᠮᠦᠵᠢᠯ ᠦᠨ ᠬᠡᠪᠯᠡᠯ ᠦᠨ ᠬᠣᠷᠢᠶ᠎ᠠ ᠫᠷᠥᠭᠷᠡᠮ᠂ ᠰᠤᠷᠬᠤ ᠪᠢᠴᠢᠭ᠂ ᠯᠠᠪᠯᠠᠬᠤ ᠪᠢᠴᠢᠭ᠂ ᠪᠠᠭᠠᠵᠢ ᠪᠢᠴᠢᠭ ᠬᠢᠭᠡᠳ ᠬᠢᠴᠢᠶᠡᠯ ᠦᠨ ᠭᠠᠳᠠᠭᠤᠷᠬᠢ ᠤᠩᠰᠢᠯᠭ᠎ᠠ ᠶᠢ ᠪᠦᠷᠢᠳᠦᠭᠦᠯᠵᠦ᠂ ᠳᠤᠮᠳᠠᠳᠤ ᠪᠠᠭ᠎ᠠ ᠰᠤᠷᠭᠠᠭᠤᠯᠢ ᠵᠢᠨ ᠮᠣᠩᠭᠣᠯ ᠰᠤᠷᠬᠤ ᠪᠢᠴᠢᠭ ᠦᠨ ᠬᠡᠪᠴᠢᠶ᠎ᠡ᠂ ᠴᠢᠨᠠᠷ ᠴᠵᠢᠨᠰᠠᠭᠠ ᠶᠢ ᠰᠵᠢᠨ᠎ᠡ ᠨᠢᠭᠡᠨ ᠰ᠌ᠠ ᠲᠦ᠍ᠨ ᠳᠤ ᠬᠦᠷᠭᠡᠵᠦ᠂ ᠪᠦᠬᠥ ᠣᠷᠣᠨ ᠴᠵᠢᠨᠠᠭᠰᠢᠯᠠᠨ ᠪᠦᠬᠥ ᠤᠯᠤᠰ ᠲᠠᠬᠢ ᠮᠣᠩᠭᠣᠯ ᠬᠡᠯᠡ ᠪᠡᠷ ᠬᠢᠴᠢᠶᠡᠯᠯᠡᠬᠦ ᠳᠤᠮᠳᠠᠳᠤ ᠪᠠᠭ᠎ᠠ ᠰᠤᠷᠭᠠᠭᠤᠯᠢ ᠵᠢᠨ ᠪᠠᠭᠰᠢ ᠰᠤᠷᠤᠭᠴᠢ ᠵᠢᠨ ᠰ᠌ᠠᠭᠠᠷᠳᠠᠯᠭᠠ ᠶᠢ ᠬᠠᠩᠭᠠᠵᠤ ᠴᠢᠳᠠᠪᠠ᠃ ᠲᠡᠷᠡ ᠪᠠᠰᠠ ᠦᠪᠥᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠤ ᠬᠡᠯᠡ ᠪᠢᠴᠢᠭ ᠦᠨ ᠵᠦᠪᠯᠡᠯ ᠦᠨ ᠭᠡᠰᠢᠭᠦᠨ᠂ ᠮᠣᠩᠭᠣᠯ ᠨᠡᠷ᠎ᠡ ᠲᠣᠮᠢᠶᠠᠨ ᠤ ᠺᠣᠮᠢᠰ ᠤᠨ ᠳᠡᠳ᠋ ᠡᠷᠬᠢᠯᠡᠭᠴᠢ᠂ ᠦᠪᠡᠷᠲᠡᠭᠡᠨ ᠵᠠᠰᠠᠬᠤ ᠣᠷᠣᠨ ᠤ ᠳᠡᠭᠡᠳᠦ ᠵᠡᠷᠭᠡ ᠵᠢᠨ ᠣᠷᠴᠢᠭᠤᠯᠭ᠎ᠠ ᠵᠢᠨ ᠴᠣᠯᠠ ᠶᠢ ᠬᠢᠨᠠᠨ ᠪᠠ ᠲᠦ᠍ᠯᠠᠬᠤ ᠺᠣᠮᠢᠰ ᠤᠨ ᠭᠡᠰᠢᠭᠦᠨ ᠵᠡᠷᠭᠡ ᠨᠡᠢᠭᠡᠮ ᠦᠨ ᠠᠵᠢᠯ ᠡᠭᠦᠷᠭᠡ ᠶᠢ ᠬᠠᠪᠰᠤᠷᠭᠠᠨ ᠬᠢᠵᠦ ᠢᠷᠡᠪᠡ᠃ ᠲᠡᠷᠡ ᠪᠡᠷ ᠮᠣᠩᠭᠣᠯ ᠨᠡᠷ᠎ᠡ ᠲᠣᠮᠢᠶ᠎ᠠ ᠶᠢ ᠲᠣᠭᠲᠠᠭᠠᠬᠤ᠂ ᠰᠠᠢᠵᠢᠷᠠᠭᠤᠯᠬᠤ᠂ ᠨᠢᠭᠡᠳᠬᠡᠬᠦ ᠪᠠ ᠳᠦᠷᠢᠮᠵᠢᠭᠦᠯᠵᠦ ᠪᠠ ᠲᠦ᠍ᠳᠬᠠᠬᠤ ᠵᠠᠮ ᠱᠣᠭᠤᠮ ᠢ ᠨᠡᠭᠡᠭᠡᠭᠴᠢ ᠵᠢᠨ ᠨᠢᠭᠡ ᠨᠢ ᠮᠦᠨ᠃ ᠨᠡᠷ᠎ᠡ ᠲᠣᠮᠢᠶ᠎ᠠ ᠶᠢ ᠲᠣᠭᠲᠠᠭ ᠤᠨ ᠢᠶᠠᠷ ᠳᠦᠷᠢᠮᠵᠢᠭᠦᠯᠬᠦ ᠳᠦ ᠰᠤᠷᠬᠤ ᠪᠢᠴᠢᠭ ᠡᠴᠡ ᠭᠠᠷᠲᠠᠬᠤ ᠶᠢ ᠬᠢᠴᠢᠶᠡᠵᠦ᠂ 《ᠬᠢᠲᠠᠳ ᠮᠣᠩᠭᠣᠯ ᠬᠠᠷᠢᠴᠠᠭᠤᠯᠤᠭᠰᠠᠨ ᠪᠠᠢᠭᠠᠯᠢ ᠵᠢᠨ ᠰᠢᠨᠵᠢᠯᠡᠬᠦ ᠤᠬᠠᠭᠠᠨ ᠤ ᠨᠡᠷ᠎ᠡ ᠲᠣᠮᠢᠶᠠᠨ ᠤ ᠲᠣᠯᠢ》᠂ 《ᠭᠠᠳᠠᠭᠠᠳᠤ ᠵᠢᠨ ᠨᠡᠷᠡᠰ ᠦᠨ ᠮᠣᠩᠭᠣᠯ ᠠᠪᠢᠶᠠᠯᠠᠭ᠎ᠠ ᠵᠢᠨ ᠭᠠᠷ ᠳᠡᠪᠲᠡᠷ》᠂ 《ᠰᠤᠷᠤᠭᠴᠢ ᠵᠢᠨ ᠮᠣᠩᠭᠣᠯ ᠬᠡᠯᠡᠨ ᠦ ᠲᠣᠯᠢ》 ᠵᠢᠴᠢ ᠪᠤᠰᠤᠳ ᠡᠯ᠎ᠡ ᠬᠢᠴᠢᠶᠡᠯ ᠲᠦᠷᠥᠯ ᠦᠨ ᠬᠠᠮᠢᠶ᠎ᠠ ᠪᠦᠬᠦᠶ ᠲᠤᠰᠭᠠᠢ ᠠᠵᠢᠯ ᠲᠦᠷᠥᠯ ᠦᠨ ᠲᠣᠯᠢ ᠪᠢᠴᠢᠭ ᠦᠳ ᠢ ᠲᠦᠰᠦᠪᠯᠡᠨ ᠲᠣᠭᠲᠠᠭᠠᠭᠠᠳ ᠡᠭᠦᠰᠬᠡᠨ ᠨᠠᠢᠷᠠᠭᠤᠯᠵᠤ ᠳᠠᠷᠠᠭ᠎ᠠ ᠳᠠᠷᠠᠭ᠎ᠠ ᠪᠠᠷ ᠬᠡᠪᠯᠡᠭᠦᠯᠵᠡᠢ᠃ ᠲᠡᠭᠦᠨ ᠦ ᠭᠣᠣᠯ ᠪᠣᠯᠬᠤ ᠵᠣᠬᠢᠶᠠᠯ ᠪᠦᠲᠦᠭᠡᠯ ᠭᠡᠪᠡᠯ 《ᠰᠤᠷᠤᠭᠴᠢ ᠵᠢᠨ ᠮᠣᠩᠭᠣᠯ ᠬᠡᠯᠡᠨ ᠦ ᠲᠣᠯᠢ》᠂ 《ᠮᠣᠩᠭᠣᠯ ᠨᠡᠷ᠎ᠡ ᠲᠣᠮᠢᠶ᠎ᠠ ᠵᠦᠶ ᠵᠢᠨ ᠲᠣᠢᠮᠣᠯᠠᠯ》 ᠵᠡᠷᠭᠡ 150 ᠭᠠᠷᠤᠶ ᠲᠦᠮᠡᠨ ᠦᠰᠥᠭ ᠲᠡᠢ ᠪᠦᠲᠦᠭᠡᠯ ᠪᠠᠵᠢᠨ᠎ᠠ᠃ ᠤᠯᠤᠰ ᠤᠨ 《7᠂ 5》 ᠵᠢᠨ ᠭᠣᠣᠯᠳᠠᠯᠭ᠎ᠠ ᠪᠣᠯᠬᠤ ᠬᠢᠲᠠᠳ ᠨᠣᠮ 《ᠰᠤᠷᠭᠠᠨ ᠬᠦᠮᠦᠵᠢᠯ ᠦᠨ ᠶᠡᠬᠡ ᠲᠣᠯᠢ》 ᠵᠢᠨ ᠳᠦᠷᠪᠡᠳᠦᠭᠡᠷ ᠪᠣᠲᠢ ᠳᠠᠬᠢ ᠮᠣᠩᠭᠣᠯ ᠦᠨᠳᠦᠰᠦᠲᠡᠨ ᠦ ᠰᠤᠷᠭᠠᠨ ᠬᠦᠮᠦᠵᠢᠯ ᠦᠨ ᠵᠤᠷᠪᠤᠰ ᠢ ᠲᠤᠭᠤᠷᠪᠵᠢᠨ ᠪᠢᠴᠢᠪᠡ᠃ 《ᠲᠡᠦᠬᠡᠨ ᠰᠤᠷᠭᠠᠮᠵᠢ ᠳᠠᠪᠰᠢᠯᠲᠠ ᠵᠢᠨ ᠬᠦᠳᠡᠯᠭᠡᠭᠦᠷ》᠂ 《ᠦᠭᠡᠰ ᠦᠨ ᠰᠠᠩ ᠪᠣᠯ ᠤᠨ ᠬᠡᠯᠡᠨ ᠦ ᠬᠦᠭᠵᠢᠯᠲᠡ》᠂ 《ᠮᠣᠩᠭᠣᠯ ᠨᠡᠷ᠎ᠡ ᠲᠣᠮᠢᠶᠠᠨ ᠤ ᠲᠣᠭᠲᠠᠯᠴᠠᠭᠠᠨ ᠤ ᠲᠤᠰᠭᠠᠢ》 ᠮᠡᠲᠦ ᠬᠣᠷᠢᠭᠠᠳ ᠦᠭᠦᠯᠡᠯ ᠨᠡᠢᠲᠡᠯᠡᠭᠦᠯᠪᠡ᠃ 1991 ᠣᠨ ᠳᠤ ᠪᠡᠭᠡᠵᠢᠩ ᠳᠦ ᠪᠣ ᠯᠦ᠍ᠭᠰᠠᠨ ᠣᠯᠠᠨ ᠤᠯᠤᠰ ᠤᠨ ᠨᠡᠷ᠎ᠡ ᠲᠣᠮᠢᠶᠠᠨ ᠤ ᠤᠬᠠᠭᠠᠨ᠂ ᠪᠠᠷᠢᠮᠵᠢᠶᠠᠨ ᠤ ᠳᠡᠯᠭᠡᠷᠡᠯᠲᠡ 《N11S ) ᠵᠢᠨ ᠬᠤᠷᠠᠯ ᠤᠨ ᠦᠭᠦᠯᠡᠯ ᠦᠨ ᠲᠡᠭᠦᠪᠦᠷᠢ ᠳᠦ 《ᠮᠣᠩᠭᠣᠯ ᠨᠡᠷ᠎ᠡ ᠲᠣᠮᠢᠶ᠎ᠠ ᠵᠦᠶ ᠪᠣᠯ ᠤᠨ ᠬᠡᠯᠡᠨ ᠦ ᠰᠵᠢᠨᠵᠢᠯᠡᠯ》 ᠨᠢ ᠰᠣᠩᠭᠣᠭᠳᠠᠵᠤ᠂ 1996 ᠣᠨ ᠳᠤ ᠺᠦᠨᠮᠢᠩ ᠳᠦ ᠪᠣ ᠯᠦ᠍ᠭᠰᠠᠨ ᠴᠦᠭᠡᠨ ᠲᠣᠭ᠎ᠠ ᠲᠦ᠍ ᠦᠨᠳᠦᠰᠦᠲᠡᠨ ᠦ ᠰᠤᠷᠭᠠᠨ ᠬᠦᠮᠦᠵᠢᠯ ᠦᠨ ᠲᠤᠰᠭᠠᠢ ᠣᠯᠠᠨ ᠤᠯᠤᠰ ᠤᠨ ᠬᠤᠷᠠᠯ ᠳᠤ ᠤᠩᠰᠢᠭᠰᠠᠨ 《ᠴᠦᠭᠡᠨ ᠲᠣᠭ᠎ᠠ ᠲᠦ᠍ ᠦᠨᠳᠦᠰᠦᠲᠡᠨ ᠦ ᠦᠰᠥᠭ ᠪᠢᠴᠢᠭ ᠢᠶᠡᠷ ᠵᠢᠭᠠᠬᠤ ᠮᠠᠲ᠋ᠧᠷᠢᠶᠠᠯ ᠪᠠᠢᠭᠤᠯᠬᠤ ᠲᠤᠰᠭᠠᠢ ᠦᠭᠦᠯᠡᠬᠦ ᠨᠢ》 ᠭᠡᠬᠦ ᠦᠭᠦᠯᠡᠯ ᠨᠢ ᠪᠠᠰᠠ ᠤᠤᠯ ᠬᠤᠷᠠᠯ ᠤᠨ ᠦᠭᠦᠯᠡᠯ ᠦᠨ ᠲᠡᠭᠦᠪᠦᠷᠢ ᠳᠦ ᠰᠣᠩᠭᠣᠭᠳᠠᠪᠠ᠃
Copyight 2016 by nmgmzw.gov.cn All Rights Reserved