ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠷᠠᠭᠴᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠷᠠᠭᠴᠠ᠂ ( 1926—— ) ᠰᠡᠳᠬᠦᠯᠴᠢ᠃ ᠮᠣᠩᠭᠣᠯ ᠤᠯᠤᠰ  ᠤᠨ ᠭᠣᠪᠢᠭᠯᠲᠠᠶ ᠠᠢᠮᠠᠭ  ᠤᠨ ᠲᠦᠩᠭᠦᠯ ᠰᠤᠮᠤᠨ ᠤ ᠪᠤᠯᠠᠭ  ᠤᠨ ᠬᠣᠯᠪᠣᠭ᠎ᠠ ᠭᠡᠳᠡᠭ ᠨᠤᠲᠤᠭ    ᠲᠦ᠍ ᠲᠦᠷᠥᠵᠡᠢ᠃ 1942 ᠣᠨ ᠳᠤ ᠤᠯᠠᠭᠠᠨᠪᠠᠭᠠᠲᠤᠷ ᠬᠣᠲᠠ  ᠵᠢᠨ ᠰᠠᠩ ᠬᠦᠦ ᠡᠳ᠋ ᠦᠨ ᠵᠠᠰᠠᠭ  ᠤᠨ ᠰᠤᠷᠭᠠᠭᠤᠯᠢ ᠳᠤ ᠰᠤᠷᠤᠯᠴᠠᠵᠤ᠂ 1945 ᠣᠨ ᠳᠤ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ  ᠤᠨ ᠰᠠᠩ  ᠤᠨ ᠶᠠᠮ ᠤᠨ ᠳᠤ ᠮᠠᠯ ᠠᠵᠤ ᠠᠬᠤᠶ  ᠵᠢᠨ ᠠᠯᠪᠠᠨ ᠲᠠᠲᠠᠪᠤᠷᠢ ᠬᠠᠷᠢᠭᠤᠴᠠᠭᠰᠠᠨ ᠵᠢᠭᠠᠪᠤᠷᠢᠯᠠᠭᠴᠢ ᠪᠣᠯᠵᠠᠢ᠃ l946 ᠣᠨ ᠳᠤ ᠮᠣᠩᠭᠣᠯ  ᠤᠨ ᠴᠡᠷᠢᠭ ᠦᠨ ᠶᠡᠷᠦᠩᠬᠡᠶ ᠰᠤᠷᠭᠠᠭᠤᠯᠢ ᠳᠤ ᠣᠷᠣᠵᠤ ᠰᠤᠷᠤᠯᠴᠠᠭᠠᠳ᠂ 1949 ᠣᠨ ᠳᠤ 《ᠤᠯᠠᠭᠠᠨ ᠣᠳᠣᠨ》 ᠰᠣᠨᠢᠨ ᠳᠤ ᠨᠠᠢᠷᠠᠭᠤᠯᠤᠭᠴᠢ ᠪᠠᠷ ᠠᠵᠢᠯᠯᠠᠵᠤ ᠰᠣᠨᠢᠨ ᠮᠡᠳᠡᠭᠡ ᠬᠡᠪᠯᠡᠯ ᠦᠨ ᠵᠠᠮ ᠳᠤ ᠣᠷᠣᠪᠠ᠃ 1954 ᠣᠨ ᠠᠴᠠ 1956 ᠣᠨ ᠪᠣᠯᠲᠠᠯ᠎ᠠ 《ᠵᠠᠯᠠᠭᠤᠴᠤᠳ  ᠤᠨ ᠦᠨᠡᠨ》 ᠰᠣᠨᠢᠨ ᠳᠤ ᠨᠠᠢᠷᠠᠭᠤᠯᠤᠭᠴᠢ ᠪᠠᠷ᠂ 1957 ᠣᠨ ᠠᠴᠠ 1965 ᠣᠨ ᠪᠣᠯᠲᠠᠯ᠎ᠠ 《ᠦᠨᠡᠨ》 ᠰᠣᠨᠢᠨ ᠳᠤ ᠰᠤᠷᠪᠤᠯᠵᠢᠯᠠᠭᠴᠢ ᠪᠠᠷ ᠪᠠᠢᠪᠠ᠃ 1966 ᠣᠨ ᠠᠴᠠ 967 ᠣᠨ ᠳᠤ ᠵᠦᠪᠯᠡᠯᠲᠦ ᠬᠣᠯᠪᠣᠭᠠ   ᠲᠦ᠍ ᠤᠯᠤᠰ  ᠤᠨ ᠺᠣᠮᠮ ᠤᠨᠢᠰᠲ ᠨᠠᠮ  ᠤᠨ ᠳᠡᠭᠡᠳᠦ ᠰᠤᠷᠭᠠᠭᠤᠯᠢ ᠳᠤ ᠰᠡᠳᠬᠦᠯᠴᠢ  ᠵᠢᠨ ᠮᠡᠷᠭᠡᠵᠢᠯ ᠰᠤᠷᠤᠯᠴᠠᠵᠤ᠂ 1968 ᠣᠨ ᠠᠴᠠ 1971 ᠣᠨ ᠤ ᠬᠣᠭᠣᠷᠣᠨᠳᠣ ᠮᠣᠩᠭᠣᠯ ᠤᠯᠤᠰ  ᠤᠨ ᠷᠠᠳᠢᠣ᠋ ᠬᠣᠷᠢᠶ᠎ᠠ  ᠵᠢᠨ ᠭᠠᠳᠠᠭᠠᠳᠤ ᠬᠡᠯᠡᠨ ᠦ ᠨᠡᠪᠲᠡᠷᠡᠭᠦᠯᠭᠡ  ᠵᠢᠨ ᠶᠡᠷᠦᠩᠬᠡᠶ ᠷᠸᠳᠠᠺᠲ᠋ᠤᠷ ᠪᠠᠢᠵᠤ᠂ 1972 ᠣᠨ ᠠᠴᠠ 1986 ᠣᠨ ᠪᠣᠯᠲᠠᠯ᠎ᠠ 《ᠦᠨᠡᠨ》 ᠰᠣᠨᠢᠨ ᠤ ᠤᠳᠬ᠎ᠠ ᠵᠣᠬᠢᠶᠠᠯ  ᠤᠨ ᠠᠵᠢᠯᠲᠠᠨ᠂ ᠲᠠᠰᠤᠭ  ᠤᠨ ᠡᠷᠬᠢᠯᠡᠭᠴᠢ  ᠵᠢᠨ    ᠲᠤᠰᠢᠶᠠᠯ ᠢ ᠬᠠᠷᠢᠭᠤᠴᠠᠵᠤ ᠪᠠᠢᠪᠠ᠃ ᠳᠦᠴᠢ ᠭᠠᠷᠤᠶ ᠵᠢᠯ ᠦᠨ   ᠲᠦ᠍ᠷᠰᠢ ᠰᠣᠨᠢᠨ ᠮᠡᠳᠡᠭᠡ᠂ ᠷᠠᠳᠢᠣ᠋ ᠨᠡᠪᠲᠡᠷᠡᠭᠦᠯᠭᠡ  ᠵᠢᠨ ᠹᠷᠣᠨᠲ ᠳᠡᠭᠡᠷ᠎ᠡ ᠪᠠᠢᠬᠤ ᠳᠠᠭᠠᠨ ᠲᠡᠷᠡ ᠤᠯᠤᠰ ᠲᠦᠷᠥ᠂ ᠡᠳ᠋ ᠦᠨ ᠵᠠᠰᠠᠭ᠂ ᠰᠣᠶᠣᠯ ᠭᠡᠭᠡᠷᠡᠯ᠂ ᠴᠡᠷᠢᠭ ᠦᠨ ᠶᠠᠪᠤᠳᠠᠯ ᠡᠯ᠎ᠡ ᠲᠠᠯ᠎ᠠ  ᠵᠢᠨ ᠮᠡᠳᠡᠭᠡ 1200 ᠭᠠᠷᠤᠶ ᠵᠤᠷᠪᠤᠰ᠂ ᠴᠢᠮᠡᠭᠡᠯᠡᠯ᠂ ᠦᠭᠦᠯᠡᠯ᠂ ᠲᠡᠮᠳᠡᠭᠯᠡᠯ᠂ ᠰᠤᠷᠪᠤᠯᠵᠢᠯᠠᠭ᠎ᠠ 400 ᠭᠠᠷᠤᠶ ᠰᠢᠬᠠᠮ ᠬᠤᠪᠢ᠂ ᠬᠡᠷᠡᠯ ᠵᠢᠷᠤᠭ 200 ᠭᠠᠷᠤᠶ ᠢᠵᠢ ᠶᠢ ᠲᠣᠰ ᠲᠣᠰ ᠨᠠᠢᠳᠠᠯᠠᠵᠠᠢ᠃ ᠪᠠᠰᠠ ᠵᠦᠪᠯᠡᠯᠲᠦ ᠬᠣᠯᠪᠣᠭᠠ   ᠲᠦ᠍ ᠤᠯᠤᠰ᠂ ᠳᠤᠮᠳᠠᠳᠤ ᠤᠯᠤᠰ᠂ ᠫᠣᠯᠠᠨᠳ᠋᠂ ᠴᠧᠺᠣᠰ ᠯᠦ᠍ᠸᠠᠺᠢᠶ᠎ᠠ᠂ ᠸᠢᠶᠧᠲ᠋ᠨᠠᠮ᠂ ᠯᠠᠤᠰ ᠵᠡᠷᠭᠡ ᠤᠯᠤᠰ ᠣᠷᠣᠨ ᠢᠶᠠᠷ ᠰᠤᠷᠪᠤᠯᠵᠢᠯᠠᠭ᠎ᠠ ᠬᠢᠵᠦ ᠦᠩᠭᠡᠷᠡᠪᠡ᠃ ᠨᠠᠢᠷᠠᠭᠤᠯᠤᠯ  ᠤᠨ ᠰᠣᠩᠭᠣᠮᠠᠯ 《ᠬᠦᠮᠦᠨ ᠦ ᠵᠢᠷᠭᠠᠯ》 ᠭᠡᠬᠦ ᠨᠣᠮ ᠢᠶᠠᠨ l971 ᠣᠨ ᠳᠤ ᠤᠯᠠᠭᠠᠨᠪᠠᠭᠠᠲᠤᠷ    ᠲᠦ᠍ ᠬᠡᠪᠯᠡᠭᠦᠯᠪᠡ᠃ ᠤᠷᠢᠳ ᠬᠣᠵᠢᠳ ᠮᠣᠩᠭᠣᠯ  ᠤᠨ ᠠᠷᠠᠳ  ᠤᠨ ᠬᠤᠪᠢᠰᠬᠠᠯ  ᠤᠨ 40᠂ 50᠂ 60 ᠵᠢᠯ ᠦᠨ ᠣᠶ  ᠵᠢᠨ ᠮᠧᠳᠠᠯ ᠲᠣᠰ ᠲᠣᠰ ᠬᠦᠷᠲᠡᠭᠰᠡᠨ ᠪᠦᠭᠡᠳ 1970 ᠣᠨ ᠪᠠ 1986 ᠣᠨ ᠳᠤ ᠮᠣᠩᠭᠣᠯ ᠤᠯᠤᠰ  ᠤᠨ ᠠᠯᠲᠠᠨ ᠭᠠᠳᠠᠰᠤ ᠣᠳᠣᠨ ᠤ ᠱᠠᠩᠨᠠᠯ ᠢ ᠬᠣᠶᠠᠷ ᠤᠳᠠᠭ᠎ᠠ ᠬᠦᠷᠲᠡᠵᠡᠶ᠃ 1991 ᠣᠨ ᠳᠤ ᠪᠠᠰᠠ ᠮᠣᠩᠭᠣᠯ ᠤᠯᠤᠰ  ᠤᠨ ᠬᠡᠪᠯᠡᠯ ᠮᠡᠳᠡᠭᠡᠯᠡᠯ ᠦᠨ ᠲᠡᠷᠢᠭᠦᠨ ᠦ ᠠᠵᠢᠯᠲᠠᠨ ᠪᠣᠯᠪᠠ᠃