ᠨᠡᠷ᠎ᠡ:
ᠶᠦᠩᠷᠥᠪ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠶᠦᠩᠷᠥᠪ ( 1933~ ) ᠠᠷᠠᠯᠭᠤᠴᠵᠢᠨ᠂ ᠬᠦᠭᠵᠢᠮ ᠦᠨ ᠵᠢ ᠯᠦ᠍ᠭᠣᠳᠣᠭᠴᠢ᠃ ᠦᠪᠥᠷ ᠮᠣᠩᠭᠣᠯ ᠤᠨ ᠵᠢᠷᠢᠮ ᠠᠢᠮᠠᠭ ᠤᠨ ᠬᠣᠷᠴᠢᠨ ᠵᠡᠭᠦᠨ ᠭᠠᠷ ᠤᠨ ᠳᠤᠮᠳᠠᠳᠤ ᠬᠣᠰᠢᠭᠤᠨ ᠳᠤ ᠲᠦᠷᠥᠵᠡᠢ᠃ 1947 ᠣᠨ ᠳᠤ ᠬᠤᠪᠢᠰᠠᠨᠯ ᠤᠨ ᠠᠵᠢᠯ ᠳᠤ ᠣᠷᠣᠯᠴᠠᠵᠤ᠂ 1987 ᠣᠨ ᠳᠤ ᠤᠯᠤᠰ ᠤᠨ ᠨᠢᠭᠡᠳᠦᠭᠡᠷ ᠲᠠᠰ ᠤᠨ ᠵᠢᠨᠯᠭᠤᠴᠵᠢᠨ ᠢᠶᠠᠷ ᠴᠤᠯᠯᠠᠭᠳᠠᠪᠠ᠃ ᠤᠷᠢᠳ ᠬᠣᠵᠢᠳ ᠸᠠᠩ ᠤᠨ ᠰᠦᠮ᠎ᠡ ᠳ᠋ᠠᠺᠢ ᠴᠡᠷᠢᠭ ᠵᠠᠰᠠᠭ ᠤᠨ ᠶᠡᠬᠡ ᠰᠤᠷᠭᠠᠨᠤᠯᠢ ᠵᠢᠨ ᠤᠷᠠᠯᠢᠭ ᠤᠨ ᠪᠦᠯᠬᠦᠮ᠂ ᠮᠦᠭᠳᠡᠨ ᠳᠡᠬᠢ ᠵᠡᠭᠦᠨ ᠬᠣᠢᠲᠤ ᠵᠢᠨ ᠯᠦ ᠰᠢᠶᠦ᠋ᠨ ᠨᠡᠷᠡᠮᠵᠢᠲᠦ ᠤᠳᠬ᠎ᠠ ᠤᠷᠠᠯᠢᠭ ᠤᠨ ᠳᠡᠭᠡᠳᠦ ᠰᠤᠷᠭᠠᠭᠤᠯᠢ ᠵᠢᠨ ᠲᠡᠨᠸᠦ ᠬᠦᠭᠵᠢᠮ ᠦᠨ ᠬᠡᠯᠲᠡᠰ ᠲᠦ ᠰᠤᠷᠤᠯᠴᠠᠵᠤ ᠦᠩᠭᠡᠷᠡᠪᠡ᠃ 1952 ᠣᠨ ᠠᠴᠠ ᠦᠪᠥᠷ ᠮᠣᠩᠭᠣᠯ ᠤᠨ ᠴᠡᠷᠢᠭ ᠦᠨ ᠲᠣᠭᠣᠷᠢᠭ ᠤᠨ ᠳᠠᠭᠤᠤ ᠪᠦᠵᠢᠭ ᠦᠨ ᠪᠦᠯᠬᠦᠮ ᠦᠨ ᠠᠶᠠᠯᠭᠤᠴᠵᠢᠨ᠂ ᠬᠦᠭᠵᠢᠮ ᠦᠨ ᠵᠢ ᠯᠦ᠍ᠭᠣᠳᠣᠭᠴᠢ ᠪᠠᠷ ᠠᠵᠢᠯᠯᠠᠪ᠃ 196) ᠣᠨ ᠳᠤ ᠤᠯᠠᠭᠠᠨᠴᠠᠪ ᠠᠢᠮᠠᠭ ᠤᠨ ᠳᠠᠭᠤᠤ ᠪᠦᠵᠢᠭ ᠦᠨ ᠲᠦᠯᠬᠦᠮ ᠳᠦ ᠠᠵᠢᠯ ᠰᠢᠯᠵᠢᠵᠤ ᠠᠶᠠᠯᠭᠤᠴᠵᠢᠨ᠂ ᠬᠦᠭᠵᠢᠮ ᠦᠨ ᠵᠢ ᠯᠦ᠍ᠭᠣᠳᠣᠭᠴᠢ ᠪᠠᠢᠵᠠᠢ᠃ 1978 ᠣᠨ ᠳᠤ ᠦᠫᠦᠷ ᠮᠣᠩᠭᠣᠯ ᠤᠨ ᠷᠠᠳᠢᠣ᠋ ᠲᠧᠯᠸᠢᠰ ᠤᠷᠠᠯᠢᠭ ᠤᠨ ᠪᠦᠯᠬᠦᠮ ᠳᠦ ᠢᠯᠵᠢᠵᠤ ᠤᠷᠢᠳ ᠬᠣᠵᠢᠳ ᠠᠶᠠᠯᠭᠤᠴᠵᠢᠨ᠂ ᠬᠦᠭᠵᠢᠮ ᠦᠨ ᠵᠢ ᠯᠦ᠍ᠭᠣᠳᠣᠭᠴᠢ᠂ ᠪᠦᠯᠬᠦᠮ ᠦᠨ ᠳᠡᠳ᠋ ᠳᠠᠷᠤᠭ᠎ᠠ ᠪᠠᠷ ᠲᠣᠮᠢᠯᠠᠭᠳᠠᠨ ᠠᠵᠢᠯᠯᠠᠪᠠ᠃ ᠲᠡᠷᠡ 10 ᠭᠠᠷᠤᠶ ᠵᠢᠯ ᠦᠨ ᠬᠤᠭᠤᠴᠠᠭᠠᠨ ᠳᠤ ᠤᠷᠠᠯᠢᠭ ᠤᠨ ᠠᠮᠢᠳᠤᠷᠠᠯ ᠤᠨ ᠳᠤᠮᠳᠠ ᠮᠠᠰᠢ ᠣᠯᠠᠨ ᠷᠠᠳᠢᠣ᠋ ᠲᠧᠯᠸᠢᠰ᠂ ᠳᠠᠭᠤᠤ ᠬᠦᠭᠵᠢᠮ᠂ ᠷᠠᠳᠢᠣ᠋ ᠵᠦᠴᠦᠭᠡ᠂ ᠲᠧᠯᠸᠢᠰ ᠵᠦᠴᠦᠭᠡ᠂ ᠳᠠᠭᠤᠯᠠᠯ ᠲᠦ᠍ ᠵᠦᠴᠦᠭᠡ᠂ ᠪᠦᠵᠢᠭ᠂ ᠺᠢᠨᠣ᠋ ᠵᠢᠨ ᠳᠠᠭᠤᠤ ᠬᠦᠭᠵᠢᠮ ᠵᠣᠬᠢᠶᠠᠵᠠᠶ᠃ ᠡᠭᠦᠨ ᠳᠦ ᠷᠠᠳᠢᠣ᠋ ᠵᠦᠴᠦᠭᠡ 《ᠤᠪᠠᠰᠢ ᠬᠠᠭᠠᠨ》᠂ ᠲᠧᠯᠸᠢᠰ ᠵᠦᠴᠦᠭᠡ 《ᠪᠢᠴᠢᠬᠠᠨ ᠬᠡᠭᠡᠨ》᠂ ᠨᠠᠢᠷᠠᠯ ᠬᠦᠭᠵᠢᠮ 《ᠨᠤᠲᠤᠭ ᠤᠨ ᠰᠢᠯᠦᠭ ᠳᠠᠭᠤᠯᠠᠯ》᠂ ᠬᠦᠭᠵᠢᠮ ᠦᠨ ᠠᠶ᠎ᠠ 《ᠭᠣᠪᠢ ᠵᠢᠨ ᠦᠨᠳᠥᠷᠯᠢᠭ ᠳᠡᠭᠡᠷ᠎ᠡ》 ᠵᠡᠷᠭᠡ ᠠᠷᠪᠠᠨ ᠪᠠᠳᠠᠭ ᠳᠠᠭᠤᠤ ᠬᠦᠭᠵᠢᠮ ᠨᠢ ᠤᠷᠢᠳ ᠬᠣᠵᠢᠳ ᠪᠦᠬᠥ ᠤᠯᠤᠰ᠂ ᠪᠦᠬᠥ ᠣᠷᠣᠨ ᠤ ᠱᠠᠩᠨᠠᠯ ᠢ ᠬᠦᠷᠲᠡᠪᠡ᠃ ᠲᠡᠷᠡ ᠮᠠᠨᠢ 1989 ᠣᠨ ᠤ 5 ᠰᠠᠷ᠎ᠠ ᠵᠢᠨ 9 ᠳᠤ ᠪᠡᠭᠡᠵᠢᠩ ᠳᠡᠬᠢ ᠬᠦᠭᠵᠢᠮ ᠦᠨ ᠲᠢᠩᠬᠢᠮ ᠳᠦ ᠮᠠᠨ ᠤ ᠤᠯᠤᠰ ᠤᠨ ᠠᠩᠬᠠᠳᠠᠭᠴᠢ ᠤᠳᠠᠭᠠᠨ ᠤ ᠴᠦᠭᠡᠨ ᠲᠣᠭ᠎ᠠ ᠲᠦ᠍ ᠦᠨᠳᠦᠰᠦᠲᠡᠨ ᠦ ᠬᠦᠭᠵᠢᠮ ᠦᠨ ᠵᠣᠬᠢᠶᠠᠯᠴᠢ ᠵᠢᠨ ᠬᠤᠪᠢ ᠬᠦᠮᠦᠨ ᠦ ᠨᠠᠢᠷᠠᠯ ᠬᠦᠭᠵᠢᠮ ᠦᠨ ᠦᠳᠡᠰᠢᠯᠡᠭᠡ ᠶᠢ ᠡᠷᠬᠢᠯᠡᠭᠡᠳ ᠪᠦᠬᠥ ᠤᠯᠤᠰ ᠤᠨ ᠳᠠᠭᠤᠤ ᠬᠦᠭᠵᠢᠮᠴᠢᠳ ᠬᠢᠭᠡᠳ ᠦᠷᠭᠡᠨ ᠣᠯᠠᠨ ᠦᠵᠡᠭᠴᠢᠳ ᠦᠨ ᠮᠠᠭᠲᠠᠭᠠᠯ ᠢ ᠣᠯᠵᠠᠢ᠃ ᠲᠡᠷᠡ ᠪᠡᠷ ᠦᠪᠥᠷ ᠮᠣᠩᠭᠣᠯ ᠤᠨ ᠳᠠᠭᠤᠤ ᠬᠦᠭᠵᠢᠮᠴᠢᠳ ᠦᠨ ᠨᠡᠢᠭᠡᠮᠯᠢᠭ ᠦᠨ ᠲᠡᠷᠢᠭᠦᠯᠡᠭᠴᠢ ᠵᠢᠨ ᠲᠤᠰᠢᠶᠠᠯ ᠳᠤ ᠪᠣᠶ᠃
Copyight 2016 by nmgmzw.gov.cn All Rights Reserved