ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠢᠮᠪᠠᠯᠳᠤᠷᠵᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠢᠮᠪᠠᠯᠳᠤᠷᠵᠢ᠂ ( 1938—— ) ᠰᠡᠳᠬᠦᠯᠴᠢ᠃ ᠮᠣᠩᠭᠣᠯ ᠤᠯᠤᠰ  ᠤᠨ ᠰᠦᠬᠡᠪᠠᠭᠠᠳᠤᠷ ᠠᠢᠮᠠᠭ  ᠤᠨ ᠬᠠᠯᠴᠢᠨ ᠰᠤᠮᠤ  ᠵᠢᠨ ᠨᠤᠲᠤᠭ    ᠲᠦ᠍ ᠲᠦᠷᠥᠵᠡᠢ᠃ ᠵᠠᠯᠠᠭᠤ ᠳᠠᠭᠠᠨ ᠵᠦᠪᠯᠡᠯᠲᠦ ᠬᠣᠯᠪᠣᠭᠠ   ᠲᠦ᠍ ᠤᠯᠤᠰ  ᠤᠨ ᠮᠣᠰᠺᠸᠠ ᠳᠤ ᠶᠡᠬᠡ ᠰᠤᠷᠭᠠᠭᠤᠯᠢ  ᠵᠢᠨ ᠰᠡᠳᠬᠦᠯᠴᠢ ᠮᠡᠷᠭᠡᠵᠢᠯ ᠲᠡᠭᠦᠰᠬᠡᠵᠦ᠂ 1964 ~ 1972 ᠣᠨ ᠪᠣᠯᠲᠠᠯ᠎ᠠ《ᠵᠠᠯᠠᠭᠤᠴᠤᠳ  ᠤᠨ ᠦᠨᠡᠨ》 ᠰᠣᠨᠢᠨ ᠤ ᠡᠷᠬᠢᠯᠡᠭᠴᠢ ᠪᠡᠷ᠂ 1972~1975 ᠣᠨ ᠤ ᠬᠣᠭᠣᠷᠣᠨᠳᠣ 《ᠦᠨᠡᠨ》 ᠰᠣᠨᠢᠨ ᠤ ᠰᠤᠷᠪᠤᠯᠵᠢᠯᠠᠭᠴᠢ ᠪᠠᠷ᠂ 1987.~ 1998 ᠣᠨ ᠳᠤ 《ᠬᠦᠳᠡᠯᠮᠦᠷᠢ》 ᠰᠣᠨᠢᠨ ᠤ ᠡᠷᠬᠢᠯᠡᠭᠴᠢ ᠪᠡᠷ ᠠᠵᠢᠯᠯᠠᠵᠠᠶ᠃ ᠰᠤᠷᠪᠤᠯᠵᠢᠯᠠᠬᠤ ᠳᠠᠭᠠᠨ ᠲᠡᠷᠡ ᠠᠷᠢᠶᠠᠲᠠᠨ ᠵᠢᠭᠦᠷᠲᠡᠨ ᠦ  ᠲᠤᠰᠭᠠᠢ ᠠᠩᠬᠠᠷᠤᠯ ᠲᠠᠯᠪᠢᠵᠤ᠂ 《ᠵᠢᠭᠦᠷᠲᠡᠨ ᠠᠩ》᠂ 《ᠬᠠᠮᠤᠭ  ᠤᠨ ᠡᠯᠪᠡᠭ ᠬᠠᠮᠤᠭ  ᠤᠨ ᠬᠣᠪᠣᠷ ᠡᠷᠳᠡᠨᠢ》᠂ 《 ᠮᠣᠷᠢᠨ ᠡᠷᠳᠡᠨᠢ》 《ᠲᠡᠮᠡᠭᠡ ᠲᠩᠷᠢ  ᠵᠢᠨ ᠠᠮᠢᠲᠠᠨ》᠂ 《ᠮᠢᠩᠭᠠᠨ ᠰᠣᠨᠢᠨ ᠢᠮᠠᠭ᠎ᠠ》 ᠵᠡᠷᠭᠡ ᠨᠡᠢᠲᠡᠯᠡᠯ ᠪᠠ ᠲᠠᠢᠯᠪᠤᠷᠢ ᠲᠣᠯᠢ ᠪᠢᠴᠢᠵᠤ᠂ 《ᠵᠠᠯᠠᠭᠤᠴᠤᠳ  ᠤᠨ ᠨᠡᠪᠲᠡᠷᠬᠡᠶ ᠲᠣᠯᠢ》 ( ᠭᠤᠷᠪᠠᠨ ᠪᠣᠲᠢ )᠂ 《ᠮᠣᠩᠭᠣᠯ  ᠤᠨ ᠨᠠᠷᠠ   ᠲᠦ᠍ ᠬᠦᠮᠦᠰ ᠦᠨ ᠠᠯᠳᠠᠷ》 ᠵᠡᠷᠭᠡ ᠬᠣᠷᠢ ᠭᠠᠷᠤᠶ ᠨᠣᠮ ᠬᠡᠪᠯᠡᠭᠦᠯᠵᠡᠢ᠃ ᠲᠡᠷᠡ ᠪᠠᠰᠠ ᠳᠡᠯᠡᠬᠡᠶ  ᠵᠢᠨ ᠠᠷᠠᠳᠴᠢᠯᠠᠭᠰᠠᠨ ᠵᠠᠯᠠᠭᠤᠴᠤᠳ  ᠤᠨ ᠬᠣᠯᠪᠣᠭ᠎ᠠ ᠳᠤ ᠮᠣᠩᠭᠣᠯ ᠠᠴᠠ ᠰᠠᠭᠤᠬᠤ ᠪᠠᠢᠩᠭᠤ  ᠵᠢᠨ ᠲᠦᠯᠥᠭᠡᠯᠡᠭᠴᠢ᠂ ᠠᠮᠧᠷᠢᠺᠠ  ᠵᠢᠨ ᠹᠯᠤᠷᠢᠳᠠ ᠶᠡᠬᠡ ᠰᠤᠷᠭᠠᠭᠤᠯᠢ  ᠵᠢᠨ ᠫᠷᠣᠹᠧᠰᠰᠣᠷ ᠮᠦᠨ᠃ ᠲᠡᠭᠦᠨ ᠦ ᠬᠦᠳᠡᠯᠮᠦᠷᠢ ᠪᠦᠲᠦᠭᠡᠯ ᠢ ᠤᠯᠤᠰ ᠠᠴᠠ ᠦᠨᠡᠯᠡᠵᠦ ᠠᠯᠲᠠᠨ ᠭᠠᠳᠠᠰᠤ ᠣᠳᠣᠨ ᠢᠶᠠᠷ ᠰ᠌ᠠᠩᠨᠠᠪᠠ᠃