ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠸᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠸᠠ ( 1945—— ) ᠳᠡᠭᠡᠳᠦ ᠵᠡᠷᠭᠡ  ᠵᠢᠨ ᠨᠠᠢᠷᠠᠭᠤᠯᠤᠭᠴᠢ᠃ ᠰᠵᠢᠨᠵᠢᠶᠠᠩ  ᠤᠨ ᠪᠠᠶᠠᠨᠭᠣᠣᠯ ᠦᠨ ᠮᠣᠩᠭᠣᠯ ᠦᠪᠡᠷᠲᠡᠭᠡᠨ ᠵᠠᠰᠠᠬᠤ ᠵᠧᠦ  ᠵᠢᠨ ᠬᠤᠰᠤᠳ ᠰᠢᠶᠠᠨ ᠳᠤ ᠲᠦᠷᠥᠵᠡᠢ᠃ 1969 ᠣᠨ ᠳᠤ ᠰᠵᠢᠨᠵᠢᠶᠠᠩ  ᠤᠨ 《8 1》 ᠲᠠᠷᠢᠶᠠᠯᠠᠩ  ᠤᠨ ᠳᠡᠭᠡᠳᠦ ᠰᠤᠷᠭᠠᠭᠤᠯᠢ ᠲᠡᠭᠦᠰᠬᠡᠵᠦ᠂ 1970 ᠣᠨ ᠳᠤ ᠰᠵᠢᠨᠵᠢᠶᠠᠩ  ᠤᠨ ᠡᠳᠦᠷ ᠦᠨ ᠰᠣᠨᠢᠨ ᠤ ᠬᠣᠷᠢᠶ᠎ᠠ ᠳᠤ ᠬᠤᠪᠢᠶᠠᠭᠳᠠᠵᠤ ᠮᠣᠩᠭᠣᠯ ᠨᠠᠢᠷᠠᠭᠤᠯᠬᠤ ᠬᠡᠯᠲᠡᠰ ᠲᠦ ᠠᠵᠢᠯᠯᠠᠭᠠᠳ᠂ 1985 ᠣᠨ ᠳᠤ ᠬᠡᠯᠲᠡᠰ ᠦᠨ ᠳᠠᠷᠤᠭ᠎ᠠ  ᠵᠢᠨ ᠲᠤᠰᠢᠶᠠᠯ ᠳᠤ ᠭᠠᠷᠪᠠ᠃ ᠲᠡᠷᠡ ᠨᠠᠢᠷᠠᠭᠤᠯᠬᠤ ᠰᠤᠷᠪᠤᠯᠵᠢᠯᠠᠬᠤ ᠣᠷᠴᠢᠭᠤᠯᠬᠤ ᠠᠵᠢᠯ ᠳᠤ ᠴᠠᠭᠠᠷᠠᠵᠤ ᠨᠠᠢᠷᠠᠭᠤᠯᠬᠤ ᠬᠡᠯᠲᠡᠰ ᠦᠨ ᠢᠶᠡᠨ ᠡᠳᠦᠷ   ᠲᠦ᠍   ᠲᠦ᠍ᠮ  ᠤᠨ ᠠᠵᠢᠯ ᠢ ᠭᠦᠢᠴᠡᠳᠬᠡᠭᠰᠡᠨ ᠦ ᠬᠠᠮᠲᠤ 300 ᠭᠠᠷᠤᠶ ᠬᠤᠪᠢ ᠰᠣᠨᠢᠨ ᠮᠡᠳᠡᠭᠡ᠂ ᠦᠭᠦᠯᠡᠯ ᠪᠢᠴᠢᠵᠤ ᠨᠠᠢᠳᠠᠯᠠᠵᠠᠢ᠃ ᠰᠣᠨᠢᠨ ᠮᠡᠳᠡᠭᠡ 《ᠵᠠᠩᠭᠢᠯᠠᠭ᠎ᠠ ᠨᠢ ᠲᠠᠷᠢᠶᠠᠴᠢᠳ  ᠤᠨ ᠨᠢᠭᠡ ᠪᠢᠯᠧᠲ ᠢᠶᠡᠷ ᠦᠭᠡᠢᠰᠬᠡᠬᠦ ᠡᠷᠬᠡ ᠶᠢ ᠪᠣᠳᠠᠲᠠᠢᠵᠢᠭᠤᠯᠬᠤ ᠳᠤ ᠪᠠᠵᠢᠨ᠎ᠠ》᠂ 《ᠪᠠᠶᠠᠷ ᠬᠦᠷ ᠢᠶᠡᠷ ᠪᠢᠯᠬᠠᠭᠰᠠᠨ ᠪᠠᠶᠠᠨᠪᠤᠯᠠᠭ  ᠤᠨ ᠲᠠᠯ᠎ᠠ ᠨᠤᠲᠤᠭ》᠂ 《ᠬᠢᠲᠠᠳ ᠰᠢᠨ᠎ᠡ ᠮᠠᠯᠴᠢᠨ》ᠰᠢᠭᠦᠮᠵᠢ ᠦᠭᠦᠯᠡᠯ 《ᠬᠦᠳᠡᠭᠡ ᠲᠣᠰᠬᠣᠨ ᠤ ᠨᠡᠢᠭᠡᠮᠴᠢᠯᠡᠭᠰᠡᠨ ᠦᠢᠯᠡᠴᠢᠯᠡᠭᠡ ᠶᠢ ᠬᠦᠴᠦᠯᠡᠨ ᠲᠡᠭᠦᠯᠳᠡᠷᠵᠢᠭᠦᠯᠦᠶ᠎ᠡ》᠂ 《ᠰᠵᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠲᠦᠭᠡᠮᠡᠯᠵᠢᠭᠦᠯᠬᠦ ᠠᠯᠬᠤᠴᠠ ᠶᠢ ᠲᠦᠷᠭᠡᠳᠬᠡᠵᠦ᠂ ᠲᠠᠷᠢᠶᠠᠴᠵᠢᠨ ᠮᠠᠯᠴᠢᠨ ᠤ ᠬᠡᠪ ᠴᠵᠢᠨᠠᠷ ᠢ ᠳᠡᠭᠡᠭᠰᠢᠯᠡᠭᠦᠯᠦᠶ᠎ᠡ》᠂ 《ᠵᠦᠪ ᠦᠵᠡᠯᠲᠡ ᠲᠠᠨᠢᠯᠲᠠ ᠲᠠᠢ ᠠᠵᠢᠯ ᠣᠯᠬᠤ ᠵᠠᠮ ᠣᠯᠠᠨ》 ᠵᠡᠷᠭᠡ ᠵᠣᠬᠢᠶᠠᠯ ᠨᠢ ᠦᠪᠡᠷᠲᠡᠭᠡᠨ ᠵᠠᠰᠠᠬᠤ ᠣᠷᠣᠨ ᠤ ᠪᠠ ᠪᠦᠬᠥ ᠤᠯᠤᠰ  ᠤᠨ ᠮᠣᠩᠭᠣᠯ ᠰᠣᠨᠢᠨ ᠰᠡᠳᠬᠦᠯ ᠦᠨ ᠰᠢᠯᠢᠳᠡᠭ ᠵᠣᠬᠢᠶᠠᠯ  ᠤᠨ ᠰᠢᠯᠭᠠᠷᠠᠭᠤᠯᠤᠯᠲᠠ ᠳᠤ ᠱᠠᠩᠨᠠᠯ ᠬᠦᠷᠲᠡᠵᠡᠶ᠃