ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠮᠴᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠮᠴᠢ᠂ ( 1913~ 1978 ) ᠰᠡᠳᠬᠦᠯᠴᠢ᠃ ᠮᠣᠩᠭᠣᠯ ᠤᠯᠤᠰ  ᠤᠨ ᠣᠲᠣ  ᠵᠢᠨ ᠲᠦᠪ ᠠᠢᠮᠠᠭ  ᠤᠨ ᠪᠠᠶᠠᠨᠴᠠᠭᠠᠨ ᠰᠤᠮᠤ  ᠵᠢᠨ ᠨᠤᠲᠤᠭ    ᠲᠦ᠍ ᠲᠦᠷᠥᠵᠡᠢ᠃ 1941 ᠣᠨ ᠳᠤ ᠮᠣᠰᠺᠸᠠ ᠳᠤ ᠳᠣᠷᠣᠨᠠᠳᠠᠬᠵᠢᠨ ᠤ ᠳᠡᠭᠡᠳᠦ ᠰᠤᠷᠭᠠᠭᠤᠯᠢ ᠲᠡᠭᠦᠰᠬᠡᠵᠦ᠂ 《ᠦᠨᠡᠨ》 ᠰᠣᠨᠢᠨ ᠤ ᠬᠡᠯᠲᠡᠰ ᠦᠨ ᠡᠷᠬᠢᠯᠡᠭᠴᠢ ᠪᠣᠯᠵᠤ ᠦᠷᠭᠦᠯᠵᠢᠯᠡᠨ 40 ᠭᠠᠷᠤᠶ ᠵᠢᠯ ᠠᠵᠢᠯᠯᠠᠵᠠᠶ᠃ 1943 ᠣᠨ ᠳᠤ 《ᠦᠨᠡᠨ》 ᠰᠣᠨᠢᠨ ᠤ ᠬᠠᠷᠢᠭᠤᠴᠠᠯᠭᠠ   ᠲᠦ᠍ ᠡᠷᠬᠢᠯᠡᠭᠴᠢ ᠪᠡᠷ᠂ 1953 ᠣᠨ ᠳᠤ ᠣᠷᠣᠯᠠᠭᠴᠢ ᠡᠷᠬᠢᠯᠡᠭᠴᠢ ᠪᠡᠷ 1964 ᠣᠨ ᠪᠣᠯᠲᠠᠯ᠎ᠠ ᠠᠵᠢᠯᠯᠠᠵᠠᠶ᠃ ᠡᠩᠬᠡ ᠲᠠᠢᠪᠤᠩ ᠪᠠᠢᠭᠤᠯᠤᠯᠲᠠ  ᠵᠢᠨ ᠦᠶ᠎ᠡ ᠳᠦ 《ᠦᠨᠡᠨ》 ᠰᠣᠨᠢᠨ ᠢ ᠣᠯᠠᠨ ᠵᠢᠯ ᠤᠳᠤᠷᠢᠳᠬᠤ ᠳᠠᠭᠠᠨ ᠤᠯᠤᠰ ᠣᠷᠣᠨ ᠤ ᠰᠣᠼᠢᠶᠠᠯᠢᠰᠮ  ᠤᠨ ᠪᠦᠲᠥᠭᠡᠨ ᠪᠣᠰᠬᠠᠯᠲᠠ  ᠵᠢᠨ  ᠲᠤᠰᠭᠠᠢ ᠮᠡᠳᠡᠭᠡᠯᠡᠬᠦ ᠲᠠᠯ᠎ᠠ ᠪᠠᠷ᠂ ᠬᠦᠮᠦᠨ ᠠᠷᠠᠳ ᠢ ᠰᠣᠶᠣᠯᠵᠢᠭᠤᠯᠵᠤ᠂ ᠡᠷᠡᠭᠦᠯ ᠮᠡᠨᠳᠦ ᠠᠷᠠᠳ  ᠤᠨ ᠪᠣᠯᠪᠠᠰᠤᠷᠠᠯ ᠢ ᠬᠦᠭᠵᠢᠭᠦᠯᠬᠦ ᠲᠠᠯ᠎ᠠ ᠪᠠᠷ᠂ ᠰᠣᠨᠢᠨ ᠤ ᠷᠸᠳᠠᠺᠲ᠋ᠤᠷ  ᠤᠨ ᠪᠦᠷᠢᠯᠳᠦᠬᠦᠨ ᠳᠦ ᠮᠡᠷᠭᠡᠵᠢᠯ ᠲᠡᠢ ᠰᠢᠨ᠎ᠡ ᠬᠦᠴᠦᠨ ᠢ ᠲᠣᠬᠢᠷᠠᠭᠤᠯᠬᠤ ᠲᠠᠯ᠎ᠠ ᠪᠠᠷ᠂ ᠰᠣᠨᠢᠨ ᠤ ᠭᠠᠳᠠᠭᠠᠳᠤ ᠬᠠᠷᠢᠯᠴᠠᠭ᠎ᠠ ᠶᠢ ᠦᠷᠭᠡᠳᠬᠡᠬᠦ ᠲᠠᠯ᠎ᠠ ᠪᠠᠷ ᠢᠳᠡᠪᠬᠢᠲᠡᠶ ᠪᠣᠳᠣᠯᠭ᠎ᠠ ᠠᠪᠴᠤ ᠠᠵᠢᠯᠯᠠᠭᠰᠠᠨ ᠠᠴᠠ 《ᠦᠨᠡᠨ》 ᠰᠣᠨᠢᠨ ᠤ ᠦᠷᠭᠡᠨ ᠨᠦᠯᠥᠭᠡ᠂ ᠦᠨᠡᠲᠦ ᠴᠵᠢᠨᠠᠷ ᠢ ᠳᠡᠭᠡᠭᠰᠢᠯᠡᠭᠦᠯᠵᠡᠢ᠃ ᠡᠨᠡ ᠬᠦ ᠵᠢᠳᠬᠦᠯ ᠢᠶᠡᠷ ᠢᠶᠡᠨ ᠮᠣᠩᠭᠣᠯ ᠤᠯᠤᠰ  ᠤᠨ ᠰᠣᠶᠣᠯ  ᠤᠨ ᠭᠠᠪᠢᠶᠠ   ᠲᠦ᠍ ᠵᠢᠳᠬᠦᠯᠲᠡᠨ ᠦ ᠴᠣᠯᠠ ᠬᠦᠷᠲᠡᠵᠡᠶ᠃