ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠭᠤᠨᠨᠠᠰᠤᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠭᠤᠨᠨᠠᠰᠤᠲᠤ ( 1938~ ) ᠬᠢᠨᠠᠨ ᠣᠷᠴᠢᠭᠤᠯᠤᠭᠴᠢ᠃ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ  ᠤ᠋ ᠬᠢᠩᠭᠠᠨ ᠠᠢᠮᠠᠭ  ᠤᠨ ᠬᠣᠷᠴᠢᠨ ᠪᠠᠷᠠᠭᠤᠨ ᠭᠠᠷ ᠤᠨ ᠳᠤᠮᠳᠠᠳᠤ ᠬᠣᠰᠢᠭᠤᠨ ᠳᠤ ᠲᠦᠷᠥᠵᠡᠢ᠃ ᠣᠨᠳᠣᠣ ᠨᠡᠷ᠎ᠡ ᠨᠢ ᠦ᠊᠂ ᠪᠣᠯᠣᠳ᠃ 1959 ᠣᠨ ᠳᠤ ᠦᠪᠥᠷ ᠮᠣᠩᠭᠣᠯ  ᠤᠨ ᠪᠠᠭᠰᠢ  ᠵᠢᠨ ᠳᠡᠭᠡᠳᠦ ᠰᠤᠷᠭᠠᠭᠤᠯᠢ ᠠᠴᠠ ᠲᠡᠭᠦᠰᠦᠭᠡᠳ ᠰᠤᠷᠭᠠᠭᠤᠯᠢ ᠳᠠᠭᠠᠨ ᠦᠯᠡᠳᠡᠵᠦ ᠪᠠᠭᠰᠢᠯᠠᠪᠠ᠃ 1962 ᠣᠨ ᠳᠤ 《ᠦᠪᠥᠷ ᠮᠣᠩᠭᠣᠯ  ᠤᠨ ᠰᠤᠷᠭᠠᠨ ᠬᠦᠮᠦᠵᠢᠯ》 ᠰᠡᠳᠬᠦᠯ ᠦᠨ ᠬᠣᠷᠢᠶ᠎ᠠ ᠳᠤ ᠠᠵᠢᠯ ᠰᠢᠯᠵᠢᠵᠤ ᠨᠠᠢᠷᠠᠭᠤᠯᠬᠤ᠂ ᠣᠷᠴᠢᠭᠤᠯᠬᠤ ᠠᠵᠢᠯ ᠬᠢᠵᠠᠶ᠃ 1970 ᠣᠨ ᠳᠤ ᠲᠦᠪ ᠦᠨ ᠠᠷᠠᠳ  ᠤᠨ ᠷᠠᠳᠢᠣ᠋ ᠨᠡᠪᠲᠡᠷᠡᠭᠦᠯᠭᠡ  ᠵᠢᠨ ᠬᠤᠷᠢᠶᠠᠨ ᠤ ᠴᠦᠭᠡᠨ ᠲᠣᠭᠠ   ᠲᠦ᠍ ᠦᠨᠳᠦᠰᠦᠲᠡᠨ ᠦ ᠬᠡᠯᠲᠡᠰ ᠲᠦ ᠰᠢᠯᠵᠢᠭᠡᠳ ᠨᠠᠢᠷᠠᠭᠤᠯᠬᠤ᠂ ᠣᠷᠴᠢᠭᠤᠯᠬᠤ᠂ ᠰᠤᠷᠪᠤᠯᠵᠢᠯᠠᠬᠤ ᠠᠵᠢᠯ ᠬᠢᠵᠦ᠂ ᠳᠠᠷᠠᠭ᠎ᠠ ᠨᠢ ᠮᠣᠩᠭᠣᠯ ᠳᠤ  ᠤᠨ ᠳᠡᠳ᠋ ᠳᠠᠷᠤᠭ᠎ᠠ  ᠵᠢᠨ    ᠲᠤᠰᠢᠶᠠᠯ ᠲᠠᠢ ᠪᠠᠢᠵᠤ᠂ 1992 ᠣᠨ ᠳᠤ ᠬᠢᠨᠠᠨ ᠣᠷᠴᠢᠭᠤᠯᠤᠭᠴᠢ  ᠵᠢᠨ ᠮᠡᠷᠭᠡᠵᠢᠯ ᠦᠨ ᠴᠣᠯᠠ ᠬᠦᠷᠲᠡᠪᠡ᠃ ᠲᠡᠭᠦᠨ ᠦ ᠰᠤᠷᠪᠤᠯᠵᠢᠯᠠᠵᠤ ᠪᠢᠴᠢᠭᠰᠡᠨ 《ᠮᠦᠩᠭᠥᠨ ᠲᠣᠯᠣᠭᠠᠢᠳ  ᠤᠨ ᠡᠵᠡᠳ》᠂ 《ᠦᠪᠡᠷᠮᠢᠴᠡ ᠣᠨᠴᠠᠯᠢᠭ ᠲᠠᠢ ᠦᠨᠳᠦᠰᠦᠲᠡᠨ ᠦ ᠨᠠᠢᠷ》 ᠭᠡᠬᠦ ᠵᠣᠬᠢᠶᠠᠯ ᠨᠢ ᠪᠦᠬᠥ ᠤᠯᠤᠰ  ᠤᠨ ᠮᠣᠩᠭᠣᠯ ᠷᠠᠳᠢᠣ᠋ ᠨᠡᠪᠲᠡᠷᠡᠭᠦᠯᠭᠡ  ᠵᠢᠨ ᠰᠢᠯᠢᠳᠡᠭ ᠡᠬᠡ ᠪᠢᠴᠢᠭ ᠦᠨ ᠰᠢᠯᠭᠠᠷᠠᠭᠤᠯᠤᠯᠲᠠ ᠳᠤ 1 ᠳ᠋ᠦᠭᠡᠷ 2 ᠳ᠋ᠤᠭᠠᠷ ᠲᠠᠰ  ᠤᠨ ᠱᠠᠩᠨᠠᠯ ᠬᠦᠷᠲᠡᠪᠡ᠃ 《ᠣᠷᠴᠢᠭᠤᠯᠭ᠎ᠠ  ᠵᠢᠨ ᠴᠵᠢᠨᠠᠷ ᠴᠵᠢᠨᠰᠠᠭ᠎ᠠ ᠶᠢ ᠳᠡᠭᠡᠭᠰᠢᠯᠡᠭᠦᠯᠬᠦ  ᠲᠤᠰᠭᠠᠢ》᠂ 《 ᠰᠣᠨᠢᠨ ᠮᠡᠳᠡᠭᠡᠨ ᠦ ᠦᠭᠡ ᠦᠭᠦᠯᠡᠪᠦᠷᠢ ᠶᠢ ᠨᠡᠢᠴᠡᠪᠦᠷᠢ ᠲᠡᠢ ᠪᠣᠯᠭᠠᠶ᠎ᠠ》 ᠭᠡᠬᠦ ᠮᠡᠲᠦ  ᠵᠢᠨ ᠦᠭᠦᠯᠡᠯ ᠨᠠᠢᠳᠠᠯᠠᠵᠠᠢ᠃ ᠲᠡᠷᠡ ᠪᠠᠰᠠ 《 ᠨ᠂ ᠰᠠᠵᠢᠨᠴᠣᠭᠲᠤ 《ᠨᠠᠨᠳᠠᠷ ᠰᠦᠮᠪᠦᠷ》 ᠭᠡᠬᠦ ᠨᠠᠢᠷᠠᠭᠤᠯᠤᠯ  ᠤᠨ  ᠲᠤᠰᠭᠠᠢ》᠂ 《 ᠤ᠂ ᠪᠦᠷᠵᠢᠨᠪᠡᠭᠢ  ᠵᠢᠨ ᠤᠶᠠᠩᠭ᠎ᠠ  ᠵᠢᠨ ᠨᠠᠢᠷᠠᠭᠤᠯᠤᠯ  ᠤᠨ  ᠲᠤᠰᠭᠠᠢ》᠂ 《ᠠ᠂ ᠤᠳᠽᠠᠷ  ᠤᠨ ᠤᠶᠠᠩᠭ᠎ᠠ  ᠵᠢᠨ ᠨᠠᠢᠷᠠᠭᠤᠯᠤᠯ  ᠤᠨ  ᠲᠤᠰᠭᠠᠢ》 ᠵᠡᠷᠭᠡ 10 ᠦᠭᠦᠯᠡᠯ ᠪᠢᠴᠢᠵᠤ ᠨᠡᠢᠲᠡᠯᠡᠭᠦᠯᠦᠭᠰᠡᠨ ᠪᠦᠭᠡᠳ 《 ᠯᠧᠨᠢᠨ ᠦ ᠨᠢᠭᠡ ᠨᠠᠰᠤ》᠂ 《ᠶᠡᠷᠦᠩᠬᠡᠶ ᠰᠠᠢᠳ ᠵᠧᠦ ᠡᠸᠨ ᠯᠠᠶ  ᠵᠢᠨ ᠦᠯᠢᠭᠡᠷ》᠂ 《ᠵᠣ ᠳ᠋ᠸ  ᠵᠢᠨ ᠦᠯᠢᠭᠡᠷ》᠂ 《ᠡᠬᠡ ᠳᠡᠯᠡᠬᠡᠶ  ᠵᠢᠨ ᠬᠦᠦ》᠂ 《ᠯᠢ ᠾᠦᠨ ᠦ ᠦᠭᠦᠯᠡᠯᠭᠡ  ᠵᠢᠨ ᠲᠡᠭᠦᠪᠦᠷᠢ》 ᠵᠡᠷᠭᠡ ᠨᠣᠮ ᠢ ᠭᠠᠭᠴᠠ ᠪᠠᠷ ᠪᠤᠶᠤ ᠪᠤᠰᠤᠳ ᠲᠠᠢ ᠬᠠᠮᠲᠤᠷᠠᠨ ᠣᠷᠴᠢᠭᠤᠯᠵᠤ ᠬᠡᠪᠯᠡᠭᠦᠯᠪᠡ᠃ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠪᠠᠢᠭᠤᠯᠤᠭᠳᠠᠭᠰᠠᠨ ᠲᠠᠪᠵᠢᠨ ᠵᠢᠯ ᠦᠨ ᠣᠶ ᠳᠤ ᠪᠡᠯᠡᠭᠯᠡᠨ 《ᠤᠯᠠᠭᠠᠨᠭᠦᠦ  ᠵᠢᠨ ᠦᠯᠢᠭᠡᠷ》 ᠭᠡᠬᠦ ᠨᠣᠮ ᠢ ᠨᠠᠢᠷᠠᠭᠤᠯ ᠤᠨ ᠦᠪᠥᠷ ᠮᠣᠩᠭᠣᠯ  ᠤᠨ ᠪᠠᠭᠠᠴᠤᠳ ᠬᠡᠦᠭᠡᠳ ᠦᠨ ᠬᠡᠪᠯᠡᠯ ᠦᠨ ᠬᠣᠷᠢᠶ᠎ᠠ ᠳᠤ ᠬᠡᠪᠯᠡᠭᠦᠯᠵᠡᠢ᠃