ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠨᠲᠠᠷᠠᠪᠠᠢᠲᠠᠶ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠨᠲᠠᠷᠠᠪᠠᠢᠲᠠᠶ᠂ ( 1934—— ) ᠰᠡᠳᠬᠦᠯᠴᠢ᠂ ᠵᠣᠬᠢᠶᠠᠯᠴᠢ᠃ ᠮᠣᠩᠭᠣᠯ ᠤᠯᠤᠰ  ᠤᠨ ᠳᠤᠮᠳᠠᠭᠤᠪᠢ ᠠᠢᠮᠠᠭ  ᠤᠨ ᠴᠠᠭᠠᠨ ᠣᠪᠣᠭ᠎ᠠ ᠰᠤᠮᠤ  ᠵᠢᠨ ᠨᠤᠲᠤᠭ    ᠲᠦ᠍ ᠲᠦᠷᠥᠵᠡᠢ᠃ 1960—— 1968 ᠣᠨ ᠬᠦᠷᠲᠡᠯ᠎ᠡ ᠮᠣᠩᠭᠣᠯ  ᠤᠨ ᠵᠣᠬᠢᠶᠠᠯᠴᠢᠳ  ᠤᠨ ᠡᠪᠯᠡᠯ  ᠦᠨ 《ᠤᠳᠬ᠎ᠠ ᠵᠣᠬᠢᠶᠠᠯ ᠤᠷᠠᠯᠢᠭ》 ᠰᠣᠨᠢᠨ ᠳᠤ ᠷᠸᠳᠠᠺᠲ᠋ᠤᠷ ᠪᠠᠢᠵᠤ᠂ 1968—— 1973 ᠣᠨ ᠤ ᠬᠣᠭᠣᠷᠣᠨᠳᠣ ᠮᠣᠩᠭᠣᠯ ᠤᠯᠤᠰ  ᠤᠨ ᠰᠣᠶᠣᠯ  ᠤᠨ ᠶᠠᠮ ᠤᠨ ᠤ ᠲᠢᠶᠠᠲ᠋ᠷ ᠺᠵᠢᠨᠤ᠋ ᠬᠠᠷᠢᠭᠤᠴᠠᠭᠰᠠᠨ ᠮᠡᠷᠭᠡᠵᠢᠯᠲᠡᠨ ᠢᠶᠡᠷ ᠠᠵᠢᠯᠯᠠᠪᠠ᠃ 1990 ᠣᠨ ᠠᠴᠠ 《ᠮᠣᠩᠭᠣᠯ ᠷᠣᠮᠠᠨ》 ᠨᠠᠷᠢᠨ ᠪᠢᠴᠢᠭ ᠦᠨ ᠳᠠᠷᠤᠭ᠎ᠠ᠂ 1993 ᠣᠨ ᠳᠤ 《ᠤᠳᠬ᠎ᠠ ᠵᠣᠬᠢᠶᠠᠯ》 ᠰᠣᠨᠢᠨ᠂ 《ᠴᠤᠭ》 ᠰᠡᠳᠬᠦᠯ ᠦᠨ ᠨᠠᠷᠢᠨ ᠪᠢᠴᠢᠭ ᠦᠨ ᠳᠠᠷᠤᠭ᠎ᠠ  ᠵᠢᠨ    ᠲᠤᠰᠢᠶᠠᠯ ᠳᠤ ᠭᠠᠷᠴᠤ᠂ ᠣᠲᠣ 《ᠴᠤᠭ》 ᠰᠡᠳᠬᠦᠯ ᠦᠨ ᠪᠠᠢᠩᠭᠤ  ᠵᠢᠨ ᠨᠠᠷᠢᠨ ᠪᠢᠴᠢᠭ ᠦᠨ ᠳᠠᠷᠤᠭ᠎ᠠ ᠪᠠᠷ ᠠᠵᠢᠯᠯᠠᠵᠤ ᠪᠠᠵᠢᠨ᠎ᠠ᠃ ᠤᠳᠬ᠎ᠠ ᠵᠣᠬᠢᠶᠠᠯ ᠰᠣᠨᠢᠨ ᠰᠡᠳᠬᠦᠯ ᠡᠷᠬᠢᠯᠡᠬᠦ ᠳᠡᠭᠡᠨ ᠲᠡᠷᠡ ᠲᠡᠦᠬᠡᠨ ᠤᠯᠠᠮᠵᠢᠯᠠᠯ ᠢ ᠡᠷᠬᠢᠮᠯᠡᠬᠦ ᠪᠦᠭᠡᠳ ᠰᠢᠨ᠎ᠡ ᠴᠠᠭ  ᠤᠨ ᠰ᠌ᠠᠭᠠᠷᠳᠠᠯᠭ᠎ᠠ ᠲᠠᠢ ᠤᠶᠠᠯᠳᠤᠭᠤᠯ ᠤᠨ ᠪᠦᠬᠥᠢᠯᠡ ᠲᠦᠷᠥᠯ ᠵᠦᠢᠯ ᠦᠨ ᠵᠣᠬᠢᠶᠠᠯ ᠪᠦᠲᠦᠭᠡᠯ ᠢ ᠨᠠᠷᠢᠨ ᠤᠷᠠᠯᠠᠨ ᠨᠠᠢᠷᠠᠭᠤᠯᠬᠤ ᠶᠢ ᠬᠢᠴᠢᠶᠡᠵᠦ ᠤᠩᠰᠢᠭᠴᠢᠳ  ᠤᠨ ᠢᠶᠠᠨ ᠪᠠᠬᠠᠳᠤᠯ ᠢ ᠣᠯᠵᠤ ᠪᠢᠯᠡ᠃ ᠤᠷᠠᠨ ᠪᠦᠲᠦᠭᠡᠯ ᠦᠨ ᠬᠤᠪᠢ ᠳᠤ ᠲᠡᠷᠡ ᠭᠣᠣᠯᠳᠠᠭᠤ ᠬᠦᠳᠡᠭᠡ ᠠᠵᠤ ᠠᠬᠤᠶ  ᠵᠢᠨ ᠰᠡᠳᠦᠪ ᠢᠶᠡᠷ ᠪᠠᠷᠢᠮᠲᠠ   ᠲᠦ᠍ ᠵᠣᠬᠢᠶᠠᠯ ᠪᠢᠴᠢᠳᠡᠭ᠃ ᠨᠠᠢᠷᠠᠭᠤᠯᠤᠯ 《ᠮᠠᠨ ᠤ ᠨᠤᠲᠤᠭ  ᠤᠨ ᠬᠵᠢᠨ》 ( 1966 )᠂ 《ᠲᠦᠷᠥ  ᠵᠢᠨ ᠨᠢᠭᠤᠴᠠ》 ( 1969 )᠂    ᠲᠤᠭᠤᠵᠢ 《ᠴᠠᠭᠠᠨ ᠲᠠᠯ   ᠲᠦ᠍ ᠬᠠᠯᠢᠭ ᠤᠨ》 ( 1971 )᠂ 《ᠶᠡᠬᠡ ᠠᠢᠯ  ᠤᠨ ᠡᠵᠡᠨᠲᠡᠶ》 《1975 )᠂ ᠺᠵᠢᠨᠤ᠋ ᠵᠦᠴᠦᠭᠡ 《ᠭᠤᠯ ᠠᠷᠠᠮᠵᠵᠢᠨ》 ( 1982 )᠂ 《ᠠᠷᠠᠩᠭ᠎ᠠ》 ( 1987 )᠂ ᠦᠭᠦᠯᠡᠯᠭᠡ  ᠵᠢᠨ ᠲᠡᠭᠦᠪᠦᠷᠢ 《ᠰᠤᠮ ᠤᠨ ᠬᠦᠷᠡᠩ》 ( 1990 )᠂ ᠷᠣᠮᠠᠨ 《ᠵᠠᠶᠠᠭ᠎ᠠ ᠳᠤᠲᠠᠭᠤ ᠪᠤᠷᠬᠠᠨ》 ( 1994 )᠂ 《ᠬᠦᠬᠡ ᠴᠵᠢᠨᠣ᠎ᠠ  ᠵᠢᠨ ᠤᠳᠤᠮ》 ( 1994 ) ᠵᠡᠷᠭᠡ ᠨᠣᠮ ᠬᠡᠪᠯᠡᠭᠦᠯᠵᠡᠢ᠃ ᠵᠠᠷᠢᠮ ᠪᠦᠲᠦᠭᠡᠯ ᠨᠢ ᠳᠤᠮᠳᠠᠳᠤ ᠪᠤᠶᠤ ᠪᠠᠭ᠎ᠠ ᠰᠤᠷᠭᠠᠭᠤᠯᠢ  ᠵᠢᠨ ᠬᠢᠴᠢᠶᠡᠯ ᠦᠨ ᠪᠢᠴᠢᠭ ᠲᠦ ᠣᠷᠣᠭᠰᠠᠨ ᠪᠤᠶᠤ ᠣᠷᠣᠰ ᠬᠡᠯᠡ ᠪᠡᠷ ᠭᠠᠳᠠᠭᠠᠳᠤ ᠳᠤ ᠬᠡᠪᠯᠡᠭᠳᠡᠵᠡᠢ᠃ ᠲᠡᠷᠡ ᠪᠠᠰᠠ ? . ᠨᠠᠮᠳᠠᠭ᠂ ᠴᠢ . ᠴᠢᠮᠡᠳ ᠮᠡᠲᠦ ᠨᠠᠷᠠ   ᠲᠦ᠍ ᠵᠣᠬᠢᠶᠠᠯᠴᠢ ᠪᠤᠶᠤ ᠡᠷᠳᠡᠮᠲᠡᠨ ᠬᠣᠷᠢᠭᠠᠳ ᠬᠦᠮᠦᠨ ᠦ ᠨᠣᠮ ᠢ ᠷᠸᠳᠠᠺᠲ᠋ᠤᠷᠯᠠᠨ 10 ᠪᠣᠲᠢ ᠬᠡᠪᠯᠡᠭᠦᠯᠵᠡᠢ᠃ ᠲᠡᠭᠦᠨ ᠦ ᠬᠦᠳᠡᠯᠮᠦᠷᠢ  ᠵᠢᠨ ᠪᠦᠲᠦᠭᠡᠯ ᠢ ᠤᠯᠤᠰ ᠠᠴᠠ ᠦᠨᠡᠯᠡᠵᠦ᠂ 1999 ᠣᠨ ᠳᠤ ᠠᠯᠲᠠᠨ ᠭᠠᠳᠠᠰᠤ ᠣᠳᠣᠨ ᠱᠠᠩᠨᠠᠯ ᠬᠦᠷᠲᠡᠭᠡᠪᠡ᠃