ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠩᠴᠠᠪ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠩᠴᠠᠪ᠂ ( 1940~ ) ᠰᠡᠳᠬᠦᠯᠴᠢ᠂ ᠵᠣᠬᠢᠶᠠᠯᠴᠢ᠃ ᠮᠣᠩᠭᠣᠯ ᠤᠯᠤᠰ  ᠤᠨ ᠵᠠᠪᠬᠠᠨ ᠠᠢᠮᠠᠭ  ᠤᠨ ᠰᠣᠩᠭᠵᠢᠨ᠎ᠠ ᠰᠤᠮᠤ  ᠵᠢᠨ ᠨᠤᠲᠤᠭ    ᠲᠦ᠍ ᠲᠦᠷᠥᠵᠡᠢ᠃ 1970 ᠣᠨ ᠳᠤ ᠤᠯᠠᠭᠠᠨᠪᠠᠭᠠᠲᠤᠷ    ᠲᠦ᠍ ᠪᠠᠭᠰᠢ  ᠵᠢᠨ ᠳᠡᠭᠡᠳᠦ ᠰᠤᠷᠭᠠᠭᠤᠯᠢ ᠲᠡᠭᠦᠰᠬᠡᠭᠡᠳ ᠮᠣᠩᠭᠣᠯ ᠤᠯᠤᠰ  ᠤᠨ ᠷᠠᠳᠢᠣ᠋ ᠬᠣᠷᠢᠶ᠎ᠠ ᠳᠤ ᠷᠸᠳᠠᠺᠲ᠋ᠤᠷ᠂ ᠤᠳᠬ᠎ᠠ ᠵᠣᠬᠢᠶᠠᠯ  ᠤᠨ ᠨᠠᠷᠢᠨ ᠪᠢᠴᠢᠭ ᠦᠨ ᠳᠠᠷᠤᠭ᠎ᠠ ᠪᠠᠷ ᠠᠵᠢᠯᠯᠠᠪᠠ᠃ 1986—— 1990 ᠣᠨ ᠳᠤ ᠮᠣᠰᠺᠸᠠ  ᠵᠢᠨ ᠷᠠᠳᠢᠣ᠋ ᠬᠤᠷᠢᠶᠠᠨ ᠤ ᠮᠣᠩᠭᠣᠯ ᠬᠡᠯᠡᠨ ᠦ ᠨᠡᠪᠲᠡᠷᠡᠭᠦᠯᠭᠡ ᠦᠪᠥᠷ ᠮᠣᠩᠭᠣᠯ ᠳᠤ ᠴᠢᠭᠯᠡᠭᠦᠯᠳᠡᠭ ᠨᠡᠪᠲᠡᠷᠡᠭᠦᠯᠭᠡ  ᠵᠢᠨ ᠣᠷᠴᠢᠭᠤᠯᠤᠭᠴᠢ᠂ ᠷᠸᠳᠠᠺᠲ᠋ᠤᠷ ᠢᠶᠠᠷ ᠠᠵᠢᠯᠯᠠᠪᠠ᠃ ᠲᠡᠷᠡ ᠮᠣᠩᠭᠣᠯ  ᠤᠨ ᠷᠠᠳᠢᠣ᠋ ᠳᠤ ᠬᠡᠦᠭᠡᠳ ᠲᠦ ᠵᠣᠷᠢᠭᠤᠯᠤᠭᠰᠠᠨ ᠨᠡᠪᠲᠡᠷᠡᠭᠦᠯᠭᠡ ᠶᠢ ᠤᠳᠠᠭᠠᠨ ᠵᠢᠯ ᠬᠢᠵᠦ᠂ ᠪᠠᠭᠠᠴᠤᠳ ᠬᠡᠦᠭᠡᠳ ᠦᠨ ᠬᠠᠢᠷ᠎ᠠ ᠬᠦᠨᠳᠦᠳᠬᠡᠯ ᠢ ᠣᠯᠵᠠᠢ᠃ 《ᠦᠷᠯᠥᠭᠡ  ᠵᠢᠨ ᠮᠡᠨᠳᠦ》᠂ 《ᠦᠶᠡᠷᠬᠡᠯ ᠨᠦᠬᠥᠷᠯᠡᠯ》᠂ 《ᠴᠣᠣᠳᠤ ᠬᠦᠮᠦᠰ》᠂ 《ᠮᠣᠭᠵᠣᠭᠠᠶ ᠲᠠᠭ᠎ᠠ ᠲᠠᠢ ᠵᠣᠭᠵᠣᠭᠣᠷ ᠬᠦᠦ》᠂ 《ᠰᠤᠷᠭᠠᠭᠤᠯᠢ  ᠵᠢᠨ ᠪᠠᠭᠰᠢ》᠂ 《ᠬᠡᠦᠭᠡᠳ ᠦᠨ ᠲᠦᠯᠥᠭᠡ》 ᠵᠡᠷᠭᠡ ᠨᠡᠪᠲᠡᠷᠡᠭᠦᠯᠭᠡ ᠪᠡᠷ ᠢᠶᠡᠨ ᠷᠠᠳᠢᠣ᠋ ᠠᠯᠲᠠᠨ ᠰᠠᠩ ᠳᠤ 100 ᠭᠠᠷᠤᠶ ᠮᠡᠳᠡᠭᠡᠯᠡᠯ ᠰᠤᠷᠪᠤᠯᠵᠢᠯᠠᠭ᠎ᠠ ᠳᠤᠷᠠᠰᠤᠮᠵᠢ ᠶᠠᠷᠢᠶ᠎ᠠ ᠣᠷᠣᠭᠤᠯᠵᠠᠢ᠃ ᠶᠡᠷᠡᠭᠡᠳ ᠣᠨ ᠳᠤ 《ᠲᠠ ᠬᠡᠷ ᠡᠴᠡ ᠪᠡᠨ ᠭᠠᠷᠬᠤ ᠭᠡᠵᠦ ᠪᠠᠵᠢᠨᠠᠤ》 ᠭᠡᠰᠡᠨ ᠰᠡᠳᠦᠪ ᠢᠶᠡᠷ ᠮᠡᠳᠡᠭᠡᠯᠡᠯ ᠬᠦᠲᠥᠯᠪᠦᠷᠢ ᠶᠠᠪᠤᠭᠤᠯ ᠤᠨ᠂ 2000 ᠦᠰᠥᠭ ᠦᠨ ᠨᠡᠪᠲᠡᠷᠡᠭᠦᠯᠭᠡ ᠬᠢᠵᠦ ᠬᠡᠦᠭᠡᠳ ᠪᠠᠭᠠᠴᠤᠳ  ᠤᠨ ᠬᠠᠢᠷ᠎ᠠ ᠬᠦᠨᠳᠦᠳᠬᠡᠯ ᠢ ᠬᠦᠭᠵᠢᠭᠡᠵᠦ ᠦᠷᠭᠡᠨ ᠨᠦᠯᠥᠭᠡ ᠭᠠᠷᠴᠠᠢ᠃ ᠲᠡᠷᠡ ᠪᠠᠰᠠ ᠬᠡᠦᠭᠡᠳ ᠦᠨ  ᠲᠤᠰᠭᠠᠢ ᠵᠣᠬᠢᠶᠠᠯ    ᠲᠤᠭᠤᠷᠪᠢᠵᠤ᠂ ᠮᠣᠩᠭᠣᠯ ᠤᠷᠠᠨ ᠵᠣᠬᠢᠶᠠᠯ  ᠤᠨ ᠳᠡᠭᠡᠵᠢᠰ᠂ ᠬᠡᠦᠭᠡᠳ ᠦᠨ ᠤᠷᠠᠨ ᠵᠣᠬᠢᠶᠠᠯ  ᠤᠨ ᠳᠡᠭᠡᠵᠢ ᠵᠡᠷᠭᠡ ᠨᠣᠮ ᠳᠤ ᠦᠪᠡᠷ ᠦᠨ ᠵᠣᠬᠢᠶᠠᠯ ᠢᠶᠠᠨ ᠬᠡᠪᠯᠡᠭᠦᠯᠦᠭᠰᠡᠨ ᠵᠣᠬᠢᠶᠠᠯᠴᠢ ᠶᠤᠮ᠃ 1996—— 1998 ᠣᠨ ᠳᠤ ᠨᠢᠭᠡᠳᠦᠭᠰᠡᠨ ᠦᠨᠳᠦᠰᠦᠲᠡ? ᠦ ᠪᠠᠢᠭᠤᠯᠭ᠎ᠠ  ᠵᠢᠨ ᠬᠡᠦᠭᠡᠳ ᠦᠨ ᠰᠠᠩ᠂ ᠡᠸᠦᠷᠦᠫᠡ  ᠵᠢᠨ ᠭᠧᠷᠮᠠᠨ ᠤ ᠴᠢᠯᠥᠭᠡᠲᠦ ᠬᠡᠪᠯᠡᠯ ᠦᠨ ᠬᠦᠲᠥᠯᠪᠦᠷᠢ ᠵᠠᠷᠯᠠᠭᠰᠠᠨ ᠷᠠᠳᠢᠣ᠋ ᠨᠡᠪᠲᠡᠷᠡᠭᠦᠯᠭᠡ  ᠵᠢᠨ ᠤᠷᠤᠯᠳᠤᠭᠠᠨ ᠳᠤ ᠪᠦᠷ ᠲᠡᠷᠢᠭᠦᠨ ᠪᠠᠢᠷᠢ ᠡᠵᠡᠯᠡᠵᠦ ᠪᠠᠢᠯ᠎ᠠ᠃ ᠡᠨᠡ ᠪᠦᠬᠦᠶ ᠬᠦᠳᠡᠯᠮᠦᠷᠢ ᠠᠮᠵᠢᠯᠲᠠ ᠪᠠᠷ ᠢᠶᠠᠨ ᠮᠣᠩᠭᠣᠯ  ᠤᠨ ᠷᠠᠳᠢᠣ᠋ ᠲᠧᠯᠸᠢᠰ ᠤᠯᠤᠰ  ᠤᠨ ᠬᠤᠷᠢᠶᠠᠨ ᠤ ᠠᠩᠬᠠᠨ ᠤ ᠷᠠᠳᠢᠣ᠋ ᠲᠡᠷᠢᠭᠦᠨ ᠦ ᠠᠵᠢᠯᠲᠠᠨ ᠴᠣᠯᠠ ᠶᠢ ᠬᠦᠷᠲᠡᠵᠡᠶ᠃ 1976 ᠣᠨ ᠳᠤ ᠤᠯᠤᠰ ᠠᠴᠠ ᠠᠯᠲᠠᠨ ᠭᠠᠳᠠᠰᠤ ᠣᠳᠣᠨ ᠢᠶᠠᠷ ᠰ᠌ᠠᠩᠨᠠᠵᠤ᠂ ᠳᠠᠷᠠᠭ᠎ᠠ ᠨᠢ ᠰᠣᠶᠣᠯ  ᠤᠨ ᠭᠠᠪᠢᠶᠠ   ᠲᠦ᠍ ᠵᠢᠳᠬᠦᠯᠲᠡᠨ ᠴᠣᠯᠠ ᠬᠦᠷᠲᠡᠪᠡ᠃ ( ? . ᠵᠠᠨᠲᠠᠷᠠᠪᠠᠢᠲᠠᠶ )