ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠣᠭᠵᠢᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠣᠭᠵᠢᠯ᠂ ( 1937~ ) ᠤᠤᠯ ᠨᠡᠷ᠎ᠡ ᠨᠢ ᠴᠣᠭᠵᠢᠯᠳᠤ᠂ ᠳᠡᠭᠡᠳᠦ ᠵᠡᠷᠭᠡ  ᠵᠢᠨ ᠰᠤᠷᠪᠤᠯᠵᠢᠯᠠᠭᠴᠢ᠃ ᠦᠪᠥᠷ ᠮᠣᠩᠭᠣᠯ  ᠤᠨ ᠪᠠᠭᠠᠷᠢᠨ ᠪᠠᠷᠠᠭᠤᠨ ᠬᠣᠰᠢᠭᠤᠨ ᠤ ᠬᠦᠮᠦᠨ᠃ 1963 ᠣᠨ ᠳᠤ ᠦᠪᠥᠷ ᠮᠣᠩᠭᠣᠯ  ᠤᠨ ᠶᠡᠬᠡ ᠰᠤᠷᠭᠠᠭᠤᠯᠢ  ᠵᠢᠨ ᠳᠤᠮᠳᠠᠳᠤ ᠤᠯᠤᠰ  ᠤᠨ ᠬᠡᠯᠡ ᠤᠳᠬ᠎ᠠ ᠵᠣᠬᠢᠶᠠᠯ  ᠤᠨ ᠰᠠᠯᠪᠤᠷᠢ  ᠵᠢᠨ ᠮᠣᠩᠭᠣᠯ ᠬᠡᠯᠡ ᠤᠳᠬ᠎ᠠ ᠵᠣᠬᠢᠶᠠᠯ  ᠤᠨ    ᠲᠤᠰᠭᠠᠢ ᠮᠡᠷᠭᠡᠵᠢᠯ ᠡᠴᠡ ᠲᠡᠭᠦᠰᠴᠦ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠤ ᠬᠤᠷᠢᠶᠠᠨ ᠤ 《ᠨᠠᠮ  ᠤᠨ ᠬᠦᠮᠦᠵᠢᠯ》 ᠰᠡᠳᠬᠦᠯ ᠳᠦ ᠠᠵᠢᠯᠯᠠᠵᠤ᠂ 1967 ᠣᠨ ᠤ ᠬᠠᠪᠤᠷ 《ᠦᠪᠥᠷ ᠮᠣᠩᠭᠣᠯ  ᠤᠨ ᠡᠳᠦᠷ ᠦᠨ ᠰᠣᠨᠢᠨ》 ᠤ ᠬᠤᠷᠢᠶᠠᠨ ᠳᠤ ᠰᠢᠯᠵᠢᠵᠤ ᠨᠠᠢᠷᠠᠭᠤᠯᠤᠭᠴᠢ ᠪᠣᠯᠪᠠ᠃ 1973 ᠣᠨ ᠠᠴᠠ ᠲᠣᠰ ᠰᠣᠨᠢᠨ ᠤ ᠰᠢᠯᠢ  ᠵᠢᠨ ᠭᠣᠣᠯ ᠠᠢᠮᠠᠭ    ᠲᠦ᠍ ᠰᠠᠭᠤᠭ᠎ᠠ ᠰᠤᠷᠪᠤᠯᠵᠢᠯᠠᠭᠴᠢ  ᠵᠢᠨ ᠦᠷᠲᠡᠭᠡᠨ ᠦ ᠰᠤᠷᠪᠤᠯᠵᠢᠯᠠᠭᠴᠢ᠂ ᠦᠷᠲᠡᠭᠡᠨ ᠳᠠᠷᠤᠭ᠎ᠠ ᠪᠠᠷ ᠠᠵᠢᠯᠯᠠᠪᠠ᠃ ᠭᠤᠴᠢ ᠭᠠᠷᠤᠶ ᠵᠢᠯ ᠦᠨ   ᠲᠦ᠍ᠷᠰᠢ 1200 ᠬᠤᠪᠢ ᠰᠣᠨᠢᠨ ᠮᠡᠳᠡᠭᠡᠨ ᠦ ᠪᠦᠲᠦᠭᠡᠯ ᠢᠶᠡᠨ ᠮᠣᠩᠭᠣᠯ ᠬᠢᠲᠠᠳ ᠰᠣᠨᠢᠨ ᠳᠡᠭᠡᠷ᠎ᠡ ᠨᠡᠢᠲᠡᠯᠡᠭᠦᠯᠵᠡᠢ᠃ 《ᠡᠢᠮᠦ ᠵᠠᠩᠰᠢᠯ ᠢ ᠳᠡᠯᠭᠡᠷᠡᠭᠦᠯᠪᠡᠯ ᠰᠠᠵᠢᠨ》 ( 1991 ᠣᠨ ) ᠭᠡᠬᠦ ᠴᠢᠮᠡᠭᠡᠯᠡᠯ ᠨᠢ ᠦᠪᠥᠷ ᠮᠣᠩᠭᠣᠯ ᠪᠠ ᠪᠦᠬᠥ ᠤᠯᠤᠰ  ᠤᠨ ᠮᠣᠩᠭᠣᠯ ᠰᠣᠨᠢᠨ ᠤ ᠰᠠᠵᠢᠨ ᠰᠣᠨᠢᠨ ᠮᠡᠳᠡᠭᠡᠨ ᠦ ᠨᠢᠭᠡᠳᠦᠭᠡᠷ ᠲᠠᠰ  ᠤᠨ ᠱᠠᠩᠨᠠᠯ᠂ 《ᠰᠢᠯᠢ  ᠵᠢᠨ ᠭᠣᠣᠯ ᠠᠢᠮᠠᠭ  ᠤᠨ ᠮᠠᠯ ᠰᠦᠷᠦᠭ ᠦᠨ ᠪᠦᠲᠦᠴᠡ ᠳᠦ ᠪᠠᠶᠠᠷᠯᠠᠭᠤᠰᠢᠲᠠᠶ ᠬᠤᠪᠢᠷᠠᠯᠲᠠ ᠭᠠᠷᠪᠠ》 《1986 ᠣᠨ )᠂ 《ᠪᠡᠯᠴᠢᠭᠡᠷ ᠦᠨ ᠮᠠᠯ ᠠᠵᠤ ᠠᠬᠤᠶ ᠶᠢ ᠲᠣᠭᠲᠠᠭ ᠤᠨ ᠦᠰᠬᠡᠬᠦ ᠪᠦᠲᠦᠮᠵᠢᠲᠡᠶ ᠠᠷᠭ᠎ᠠ ᠵᠠᠮ》 ( 1987 ᠣᠨ ) ᠭᠡᠬᠦ ᠮᠡᠳᠡᠭᠡ ᠨᠢ ᠦᠪᠥᠷ ᠮᠣᠩᠭᠣᠯ  ᠤᠨ ᠰᠠᠵᠢᠨ ᠰᠣᠨᠢᠨ ᠮᠡᠳᠡᠭᠡᠨ ᠦ ᠬᠣᠶᠠᠳᠤᠭᠠᠷ ᠲᠠᠰ  ᠤᠨ ᠱᠠᠩᠨᠠᠯ᠂ 《   ᠲᠦ᠍ᠰ ᠤᠨ ᠳ᠋ᠧᠩ ᠣᠯᠠᠨ ᠪᠣᠯᠵᠤ ᠰᠠᠯᠬᠵᠢᠨ ᠡᠨᠧᠷᠭᠢ ᠵᠤᠯᠠ ᠪᠣᠯᠪᠠ》 ( 1994 ᠣᠨ )᠂ 《ᠰᠢᠯᠢ  ᠵᠢᠨ ᠭᠣᠣᠯ ᠠᠢᠮᠠᠭ ᠳᠦᠷᠪᠡᠨ ᠰ᠌ᠠ   ᠲᠦ᠍ᠨ ᠤ ᠮᠠᠯ ᠲᠠᠷᠢᠶᠠᠯᠠᠩ  ᠤᠨ ᠮᠡᠷᠭᠡᠵᠢᠯ ᠦᠨ ᠪᠦᠯᠦᠭᠯᠡᠯ ᠦᠨ ᠳᠠᠭᠠᠭᠠᠴᠢᠯᠠᠯᠲᠠ ᠬᠢᠵᠦ ᠠᠵᠤ ᠠᠬᠤᠶ  ᠵᠢᠨ ᠵᠠᠩ ᠪᠦᠦ ᠰᠦᠧᠸ ( 1950~ ) ᠬᠢᠨᠠᠨ ᠨᠠᠢᠷᠠᠭᠤᠯᠤᠭᠴᠢ᠃ ᠦᠪᠥᠷ ᠮᠣᠩᠭᠣᠯ  ᠤᠨ ᠵᠢᠷᠢᠮ ᠠᠢᠮᠠᠭ  ᠤᠨ ᠬᠣᠷᠴᠢᠨ ᠵᠡᠭᠦᠨ ᠭᠠᠷ ᠤᠨ ᠬᠣᠢᠲᠤ ᠬᠣᠰᠢᠭᠤᠨ ᠳᠤ ᠲᠦᠷᠥᠵᠡᠢ᠃ ᠡᠪ ᠬᠠᠮᠲᠤ ᠨᠠᠮ  ᠤᠨ ᠭᠡᠰᠢᠭᠦᠨ᠃ 1975 ᠣᠨ ᠳᠤ ᠲᠦᠪ ᠦᠨ ᠦᠨᠳᠦᠰᠦᠲᠡᠨ ᠦ ᠳᠡᠭᠡᠳᠦ ᠰᠤᠷᠭᠠᠭᠤᠯᠢ ᠶᠢ ᠲᠡᠭᠦᠰᠬᠡᠭᠡᠳ ᠦᠨᠳᠦᠰᠦᠲᠡᠨ ᠦ ᠬᠡᠪᠯᠡᠯ ᠦᠨ ᠬᠤᠷᠢᠶᠠᠨ ᠳᠤ ᠠᠵᠢᠯᠯᠠᠪᠠ᠃ ᠤᠷᠢᠳ ᠬᠣᠵᠢᠳ ᠮᠣᠩᠭᠣᠯ ᠬᠡᠯᠡᠨ ᠦ ᠨᠠᠢᠷᠠᠭᠤᠯᠬᠤ ᠲᠠᠰᠤᠭ  ᠤᠨ ᠣᠷᠴᠢᠭᠤᠯᠤᠭᠴᠢ᠂ ᠨᠠᠢᠷᠠᠭᠤᠯᠤᠭᠴᠢ᠂ ᠬᠢᠲᠠᠳ ᠬᠡᠯᠡᠨ ᠦ ᠬᠣᠶᠠᠳᠤᠭᠠᠷ ᠨᠠᠢᠷᠠᠭᠤᠯᠬᠤ ᠲᠠᠰᠤᠭ  ᠤᠨ ᠨᠠᠢᠷᠠᠭᠤᠯᠤᠭᠴᠢ᠂ ᠮᠣᠩᠭᠣᠯ ᠬᠡᠯᠡᠨ ᠦ ᠨᠠᠢᠷᠠᠭᠤᠯᠬᠤ ᠲᠠᠰᠤᠭ  ᠤᠨ ᠡᠷᠬᠢᠯᠡᠭᠴᠢ ᠪᠡᠷ ᠠᠵᠢᠯᠯᠠᠵᠤ ᠦᠩᠭᠡᠷᠡᠭᠰᠡᠨ ᠪᠦᠭᠡᠳ ᠣᠲᠣ ᠳᠠᠭᠠᠨ ᠦᠨᠳᠦᠰᠦᠲᠡᠨ ᠦ ᠬᠡᠪᠯᠡᠯ ᠦᠨ ᠬᠤᠷᠢᠶᠠᠨ ᠤ ᠬᠵᠢᠨᠠᠵᠤ ᠬᠠᠷᠭᠤᠭᠤᠯᠬᠤ ᠲᠠᠰᠤᠭ    ᠲᠦ᠍ ᠬᠢᠲᠠᠳ ᠨᠣᠮ  ᠤᠨ ᠡᠬᠡ ᠪᠢᠴᠢᠭ ᠲᠦ ᠡᠴᠦᠰ ᠦᠨ ᠬᠵᠢᠨᠠᠯᠲᠠ ᠬᠢᠬᠦ ᠠᠵᠢᠯ ᠲᠠᠢ᠃ ᠪᠦᠬᠥ ᠤᠯᠤᠰ  ᠤᠨ ᠠᠷᠠᠳ  ᠤᠨ ᠲᠦᠯᠥᠭᠡᠯᠡᠭᠴᠢᠳ ᠦᠨ ᠶᠡᠬᠡ ᠬᠤᠷᠠᠯ᠂ ᠤᠯᠤᠰ ᠲᠦᠷᠥ  ᠵᠢᠨ ᠵᠦᠪᠯᠡᠯᠭᠡᠨ ᠦ ᠬᠤᠷᠠᠯ  ᠤᠨ ᠪᠢᠴᠢᠭ ᠮᠠᠲ᠋ᠧᠷᠢᠶᠠᠯ ᠪᠠ 《ᠤᠯᠠᠭᠠᠨ ᠲᠤᠭ》 ᠰᠡᠳᠬᠦᠯ ᠢ ᠮᠣᠩᠭᠣᠯᠴᠢᠯᠠᠬᠤ ᠠᠵᠢᠯ ᠳᠤ ᠣᠷᠣᠯᠴᠠᠵᠤ ᠦᠩᠭᠡᠷᠡᠭᠰᠡᠨ᠃ ᠬᠡᠪᠯᠡᠭᠦᠯᠦᠭᠰᠡᠨ ᠨᠣᠮ ᠤᠳ ᠭᠡᠪᠡᠯ᠄ 《ᠬᠡᠷ ᠪᠦᠯᠢ  ᠵᠢᠨ ᠠᠰᠠᠭᠤᠳᠠᠯ  ᠤᠨ  ᠲᠤᠰᠭᠠᠢ ᠵᠠᠬᠢᠳᠠᠯ ᠤᠳ》᠂ 《 ᠤᠨᠲᠠᠬᠤ ᠪᠠ ᠵᠡᠭᠦᠳᠦᠯᠡᠬᠦ》 ᠵᠡᠷᠭᠡ ᠨᠣᠮ ᠪᠣᠶ .. ᠪᠤᠰᠤᠳ  ᠤᠨ ᠬᠠᠮᠲᠤ ᠮᠣᠩᠭᠣᠯᠴᠢᠯᠠᠭᠰᠠᠨ ᠨᠣᠮ 《ᠭᠦᠨ ᠤᠬᠠᠭᠠᠨ ᠤ ᠲᠣᠪᠴᠢ ᠲᠣᠯᠢ》᠂ 《ᠳᠤᠮᠳᠠᠳᠤ ᠤᠯᠤᠰ  ᠤᠨ ᠡᠪ ᠬᠠᠮᠲᠤ ᠨᠠᠮ  ᠤᠨ ᠲᠡᠦᠬᠡ  ᠵᠢᠨ ᠨᠣᠣᠷᠠᠭ》᠂ 《ᠠᠭᠤᠤ ᠶᠡᠬᠡ ᠲᠡᠦᠬᠡᠨ   ᠲᠦ᠍ᠯᠭᠤᠷ ᠪᠢᠴᠢᠭ》᠂ 《ᠳᠤᠮᠳᠠᠳᠤ ᠤᠯᠤᠰ  ᠤᠨ ᠡᠪ ᠬᠠᠮᠲᠤ ᠨᠠᠮ  ᠤᠨ ᠲᠡᠦᠬᠡᠨ ᠶᠡᠬᠡ ᠬᠡᠷᠡᠭ ᠦᠨ ᠣᠨ ᠳᠠᠷᠠᠭᠠᠯᠠᠭᠰᠠᠨ ᠲᠡᠮᠳᠡᠭᠯᠡᠯ》᠂ 《ᠤᠯᠤᠰ ᠲᠦᠷᠥ ᠠᠵᠤ ᠠᠬᠤᠶ  ᠵᠢᠨ ᠤᠬᠠᠭᠠᠨ ᠤ ᠵᠢᠭᠠᠬᠤ ᠮᠠᠲ᠋ᠧᠷᠢᠶᠠᠯ》 .. 《ᠰᠣᠨᠣ》᠂ ᠷᠣᠮᠠᠨ 《ᠪᠠᠭᠠ   ᠲᠦ᠍ᠷ ᠯᠢᠦ ᡁᠢ ᠳ᠋ᠠᠨ ᠤ    ᠲᠤᠭᠤᠵᠢ》 ᠵᠡᠷᠭᠡ ᠪᠣᠶ᠃ ᠬᠢᠲᠠᠳ ᠬᠡᠯᠡ ᠪᠡᠷ ᠪᠤᠰᠤᠳ ᠲᠠᠢ ᠬᠠᠮᠲᠤᠷᠠᠨ 《ᠳᠤᠮᠳᠠᠳᠤ ᠤᠯᠤᠰ  ᠤᠨ ᠮᠣᠩᠭᠣᠯ ᠦᠨᠳᠦᠰᠦᠲᠡᠨ ᠦ ᠣᠲᠣ ᠦᠶ᠎ᠡ  ᠵᠢᠨ ᠤᠳᠬ᠎ᠠ ᠵᠣᠬᠢᠶᠠᠯ  ᠤᠨ ᠲᠡᠦᠬᠡ》᠂ ᠬᠡᠦᠭᠡᠳ ᠦᠨ ᠰᠢᠯᠦᠭ 《ᠲᠠ ᠮᠡᠳᠡᠨ᠎ᠡ ᠦᠦ?》᠂ ᠷᠣᠮᠠᠨ 《ᠳᠠᠷᠬᠠᠨ ᠴᠡᠩᠬᠡᠷ ᠠᠭᠤᠯᠠᠰ》᠂    ᠲᠤᠭᠤᠵᠢᠰ  ᠤᠨ ᠲᠡᠭᠦᠪᠦᠷᠢ 《ᠰᠦᠬᠡ᠂ ᠨᠣᠬᠠᠶ᠂ ᠬᠦᠮᠦᠨ》 ᠢ ᠣᠷᠴᠢᠭᠤᠯ ᠤᠨ ᠬᠡᠪᠯᠡᠭᠦᠯᠪᠡ᠃ ᠮᠣᠩᠭᠣᠯ ᠢᠶᠠᠷ 《ᠦᠯᠢᠭᠡᠷ ᠦᠨ ᠲᠡᠯᠡᠶ》᠂ 《? . ᠠᠰᠠᠷ  ᠤᠨ    ᠲᠤᠭᠤᠵᠢ  ᠵᠢᠨ ᠲᠡᠭᠦᠪᠦᠷᠢ》᠂ 《ᠲᠠᠯ᠎ᠠ  ᠵᠢᠨ ᠴᠡᠩᠬᠡᠷ ᠭᠣᠷᠣᠬ᠎ᠠ》᠂ 《ᠢᠮᠵᠢᠨ ᠭᠣᠣᠯ ᠰ᠌ᠤᠤᠭᠵᠢᠨ ᠤᠷᠤᠰ ᠤᠨ᠎ᠠ》 ᠵᠡᠷᠭᠡ ᠨᠣᠮ ᠢ ᠨᠠᠢᠷᠠᠭᠤᠯᠵᠤ᠂ 《ᠭᠠᠵᠠᠷ  ᠤᠨ ᠴᠠᠷᠴᠠᠳᠠᠰᠤ》᠂ 《ᠮᠢᠺᠷᠣᠪ ᠪᠣᠯ ᠤᠨ ᠬᠦᠮᠦᠨ ᠲᠦᠷᠥᠯᠬᠢᠲᠡᠨ》 ᠵᠡᠷᠭᠡ ᠨᠣᠮ  ᠤᠨ ᠣᠷᠴᠢᠭᠤᠯᠭ᠎ᠠ ᠶᠢ ᠬᠵᠢᠨᠠᠪᠠ᠃ ᠬᠢᠲᠠᠳ ᠬᠡᠯᠡ ᠪᠡᠷ 《ᠴᠢᠩᠭᠢᠰ ᠦᠨ ᠲᠠᠬᠢᠯᠭ᠎ᠠ》᠂ 《ᠳᠤᠮᠳᠠᠳᠤ ᠤᠯᠤᠰ  ᠤᠨ ᠴᠦᠭᠡᠨ ᠲᠣᠭᠠ   ᠲᠦ᠍ ᠦᠨᠳᠦᠰᠦᠲᠡᠨ ᠦ ᠬᠦᠭᠵᠢᠮ》᠂ 《ᠮᠣᠩᠭᠣᠯ  ᠤᠨ ᠲᠣᠢᠮᠣ ᠲᠦᠯᠥᠪ》᠂ 《ᠳᠤᠮᠳᠠᠳᠤ ᠤᠯᠤᠰ  ᠤᠨ ᠦᠨᠳᠦᠰᠦᠲᠡᠨ ᠦ ᠶᠣᠰᠣ ᠰᠤᠷᠲᠠᠬ ᠤᠨ ᠤ ᠬᠦᠮᠦᠵᠢᠯ ᠦᠨ  ᠲᠤᠰᠭᠠᠢ ᠦᠭᠦᠯᠡᠯ》᠂ 《ᠳᠤᠮᠳᠠᠳᠤ ᠤᠯᠤᠰ  ᠤᠨ ᠴᠦᠭᠡᠨ ᠲᠣᠭᠠ   ᠲᠦ᠍ ᠦᠨᠳᠦᠰᠦᠲᠡᠨ ᠦ ᠡᠷᠳᠡᠮᠲᠡᠨ ᠴᠢᠳᠠᠪᠤᠷᠢᠲᠠᠳ》᠂ 《ᠳᠤᠮᠳᠠᠳᠤ ᠤᠯᠤᠰ  ᠤᠨ ᠦᠨᠳᠦᠰᠦᠲᠡᠨ ᠦ ᠠᠵᠢᠯ  ᠤᠨ ᠲᠠᠪᠵᠢᠨ ᠵᠢᠯ》᠂ 《ᠬᠦᠭᠡᠮᠦᠷᠡᠨ ᠬᠠ   ᠲᠦ᠍ᠨ ᠭᠣᠣᠯ  ᠤᠨ ᠡᠬᠢ ᠰᠤᠷᠪᠤᠯᠵᠢ  ᠵᠢᠨ  ᠲᠤᠰᠭᠠᠢ ᠵᠣᠪᠠᠨᠢᠯ》 ᠵᠡᠷᠭᠡ ᠨᠣᠮ ᠢ ᠨᠠᠢᠷᠠᠭᠤᠯᠵᠤ᠂ 《ᠲᠠᠩ ᠱᠠᠨ ᠤ ᠭᠠᠵᠠᠷ ᠬᠦᠳᠡᠯᠦᠯᠲᠡ  ᠵᠢᠨ  ᠲᠤᠰᠭᠠᠢ ᠦᠨᠡᠨ ᠲᠡᠮᠳᠡᠭᠯᠡᠯ》᠂ 《ᠦᠨᠳᠦᠰᠦᠲᠡᠨ ᠦ ᠣᠷᠣᠨ ᠤ ᠦᠪᠡᠷᠲᠡᠭᠡᠨ ᠵᠠᠰᠠᠬᠤ ᠲᠦᠷᠢᠮ ᠦᠨ ᠬᠦᠭᠵᠢᠯᠲᠡ》 ᠵᠡᠷᠭᠡ ᠨᠣᠮ ᠢ ᠬᠵᠢᠨᠠᠪᠠ᠃ 199l ᠣᠨ ᠳᠤ 《ᠮᠠᠤ ᠽᠸ ᠳ᠋ᠦᠩ ᠦᠨ ᠰᠣᠩᠭᠣᠮᠠᠯ ᠵᠣᠬᠢᠶᠠᠯ》 《ᠵᠠᠰᠠᠪᠤᠷᠢ ᠣᠷᠣᠭᠤᠯᠤᠭᠰᠠᠨ ) ᠢ ᠲᠠᠪ ᠤᠨ ᠬᠡᠯᠡ ᠪᠡᠷ ᠬᠡᠪᠯᠡᠭᠦᠯᠬᠦ ᠠᠵᠢᠯ  ᠤᠨ ᠤᠳᠤᠷᠢᠳᠬᠤ ᠳᠤ  ᠤᠨ ᠭᠡᠰᠢᠭᠦᠨ ᠪᠣᠯᠣᠭᠰᠠᠨ ᠤ ᠬᠤᠪᠢ ᠪᠠᠷ᠂ ᠲᠣᠰ ᠵᠣᠬᠢᠶᠠᠯ ᠢ ᠬᠡᠪᠯᠡᠭᠦᠯᠬᠦ ᠪᠦᠬᠥ ᠠᠵᠢᠯ ᠢ ᠵᠣᠬᠢᠶᠠᠨ ᠪᠠᠢᠭᠤᠯᠵᠤ ᠤᠳᠤᠷᠢᠳ ᠤᠨ ᠵᠣᠬᠢᠴᠠᠭᠤᠯᠪᠠ᠃