ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠦᠢᠵᠢᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠦᠢᠵᠢᠯ᠂ ( 1930~ ) ᠰᠡᠳᠬᠦᠯᠴᠢ᠃ ᠮᠣᠩᠭᠣᠯ ᠤᠯᠤᠰ  ᠤᠨ ᠠᠷᠤᠬᠠᠩᠭᠠᠶ ᠠᠢᠮᠠᠭ  ᠤᠨ ᠮᠦᠷᠡᠨ ᠰᠤᠮᠤ  ᠵᠢᠨ ᠨᠤᠲᠤᠭ    ᠲᠦ᠍ ᠲᠦᠷᠥᠵᠡᠢ᠃ 1954 ᠣᠨ ᠳᠤ ᠤᠯᠠᠭᠠᠨᠪᠠᠭᠠᠲᠤᠷ  ᠲᠦ᠍ ᠨᠠᠮ  ᠤᠨ ᠰᠢᠨ᠎ᠡ ᠬᠦᠴᠦᠨ ᠦ ᠳᠡᠭᠡᠳᠦ ᠰᠤᠷᠭᠠᠭᠤᠯᠢ ᠲᠡᠭᠦᠰᠦᠭᠡᠳ᠂ ᠨᠠᠮ ᠡᠪᠯᠡᠯ ᠦᠨ ᠠᠵᠢᠯᠲᠠᠨ ᠪᠠᠢᠭᠰᠠᠨ ᠢᠶᠠᠨ 1959 ᠣᠨ ᠳᠤ 《ᠵᠠᠯᠠᠭᠤᠴᠤᠳ  ᠤᠨ ᠦᠨᠡᠨ》 ᠰᠣᠨᠢᠨ ᠳᠤ ᠠᠵᠢᠯᠯᠠᠵᠠᠶ᠃ 1960—— 1965 ᠣᠨ ᠳᠤ ᠮᠣᠰᠺᠸᠠ ᠳᠤ ᠤᠯᠤᠰ  ᠤᠨ ᠶᠡᠬᠡ ᠰᠤᠷᠭᠠᠭᠤᠯᠢ ᠳᠤ ᠰᠡᠳᠬᠦᠯᠴᠢ  ᠵᠢᠨ ᠮᠡᠷᠭᠡᠵᠢᠯ ᠰᠤᠷᠴᠤ᠂ 1966 ~ 1968 ᠣᠨ ᠳᠤ ( ᠦᠨᠡᠨ》 ᠰᠣᠨᠢᠨ ᠤ ᠬᠠᠷᠢᠭᠤᠴᠠᠯᠭᠠ   ᠲᠦ᠍ ᠨᠠᠷᠢᠨ ᠪᠠᠴᠢᠭ  ᠤᠨ ᠳᠠᠷᠤᠭ᠎ᠠ ᠪᠣᠯᠪᠠ᠂ 1969 ᠣᠨ ᠳᠤ ᠮᠣᠩᠭᠣᠯ ᠤᠯᠤᠰ  ᠤᠨ ᠲᠧᠯᠸᠢᠰ ᠬᠣᠷᠢᠶ᠎ᠠ ᠳᠤ ᠫᠷᠥᠭᠷᠡᠮ ᠡᠷᠬᠢᠯᠡᠭᠰᠡᠨ ᠣᠷᠣᠯᠠᠭᠴᠢ ᠳᠠᠷᠤᠭ᠎ᠠ ᠪᠣᠯᠵᠤ᠂ 1971 ᠣᠨ ᠳᠤ ᠮᠤᠰᠭᠧᠨ ᠳᠤ ᠰᠠᠭᠤᠬᠤ ᠰᠤᠷᠪᠤᠯᠵᠢᠯᠠᠭᠴᠢ ᠪᠠᠷ᠂ 1981 ᠣᠨ ᠳᠤ ᠲᠧᠯᠸᠢᠰ ᠬᠤᠷᠢᠶᠠᠨ ᠤ ᠳᠠᠷᠤᠭ᠎ᠠ ᠪᠠᠷ᠂ 1985 ᠣᠨ ᠳᠤ ᠮᠣᠩᠭᠣᠯ ᠤᠯᠤᠰ  ᠤᠨ ᠷᠠᠳᠢᠣ᠋ ᠬᠤᠷᠢᠶᠠᠨ ᠤ ᠳᠠᠷᠤᠭ᠎ᠠ ᠪᠠᠷ ᠲᠣᠰ ᠲᠣᠰ ᠠᠵᠢᠯᠯᠠᠵᠤ᠂ 1990 ᠣᠨ ᠳᠤ ᠠᠮᠠᠷᠠᠯᠲᠠ ᠳᠠᠭᠠᠨ ᠭᠠᠷᠴᠠᠢ᠃ ᠲᠡᠷᠡ ᠪᠡᠷ 《ᠠᠨᠳᠠ  ᠵᠢᠨ ᠨᠤᠲᠤᠭ ᠠᠯᠤᠰᠳᠠᠬᠤ ᠦᠬᠡᠶ》᠂ 《ᠡᠷᠳᠡᠨᠢᠲᠦ  ᠵᠢᠨ ᠦᠷᠯᠥᠭᠡ》᠂ 《ᠣᠳᠣ   ᠲᠦ᠍  ᠵᠢᠨ ᠠᠬ᠎ᠠ ᠳᠡᠭᠦᠦᠰ》᠂ 《ᠠᠯᠳᠠᠷ  ᠤᠨ    ᠲᠤᠭ ᠡᠷᠭᠦᠭᠰᠡᠳ》 ᠵᠡᠷᠭᠡ ᠨᠠᠷᠠᠲᠠᠶ ᠮᠡᠳᠡᠭᠡᠯᠡᠯ᠂ ᠵᠣᠬᠢᠶᠠᠯ ᠪᠢᠴᠢᠵᠤ ᠨᠡᠢᠲᠡᠯᠡᠭᠰᠡᠨ ᠪᠦᠭᠡᠳ 《ᠢᠯᠠᠯᠲᠠ  ᠵᠢᠨ ᠣᠳᠣᠨ》 ᠬᠡᠮᠡᠬᠦ ᠲᠧᠯᠸᠢᠰ ᠴᠤᠪᠤᠷᠠᠯ ᠺᠢᠨᠣ᠋ ᠪᠦᠲᠥᠭᠡᠵᠡᠢ᠃ ᠲᠡᠭᠦᠨ ᠦ ᠬᠦᠳᠡᠯᠮᠦᠷᠢ ᠶᠢ ᠲᠦᠷᠥ ᠡᠴᠡ ᠦᠨᠡᠯᠡᠵᠦ᠂ ᠤᠯᠤᠰ ᠠᠴᠠ ᠬᠦᠳᠡᠯᠮᠦᠷᠢ  ᠵᠢᠨ ᠭᠠᠪᠢᠶᠠᠨ ᠤ ᠤᠯᠠᠭᠠᠨ    ᠲᠤᠭ  ᠤᠨ ᠣᠳᠣᠨ ᠢᠶᠠᠷ ᠱᠠᠩᠨᠠᠪᠠ᠃