ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠢᠷᠮᠠᠢᠯᠳᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠢᠷᠮᠠᠢᠯᠳᠤ ( 1927—— ) ᠡᠮᠡᠭᠲᠡᠶ᠂ ᠦᠪᠥᠷ ᠮᠣᠩᠭᠣᠯ  ᠤᠨ ᠡᠳᠦᠷ ᠦᠨ ᠰᠣᠨᠢᠨ ᠢ ᠡᠭᠦᠰᠬᠡᠨ ᠡᠷᠬᠢᠯᠡᠭᠰᠡᠨ ᠨᠠᠢᠷᠠᠭᠤᠯᠤᠭᠴᠢ᠃ ᠦᠪᠥᠷ ᠮᠣᠩᠭᠣᠯ  ᠤᠨ ᠬᠢᠩᠭᠠᠨ ᠠᠢᠮᠠᠭ  ᠤᠨ ᠬᠣᠷᠴᠵᠢᠨ ᠪᠠᠷᠠᠭᠤᠨ ᠭᠠᠷ ᠤᠨ ᠡᠮᠦᠨᠡᠲᠦ ᠬᠣᠰᠢᠭᠤᠨ ᠳᠤ ᠲᠦᠷᠥᠵᠡᠢ᠃ 1945 ᠣᠨ ᠤ 8 ᠰᠠᠷ᠎ᠠ ᠳᠤ ᠬᠤᠪᠢᠰᠬᠠᠯ  ᠤᠨ ᠠᠵᠢᠯ ᠳᠤ ᠣᠷᠣᠵᠤ᠂ 1946 ᠣᠨ ᠤ 3 ᠰᠠᠷ᠎ᠠ ᠳᠤ ᠸᠠᠩ  ᠤᠨ ᠰᠦᠮ᠎ᠡ ᠳᠡᠬᠢ ᠵᠡᠭᠦᠨ ᠮᠣᠩᠭᠣᠯ  ᠤᠨ ᠴᠡᠷᠢᠭ ᠵᠠᠰᠠᠭ  ᠤᠨ ᠰᠢᠨ᠎ᠡ ᠬᠦᠴᠦᠨ ᠦ ᠰᠤᠷᠭᠠᠭᠤᠯᠢ ᠳᠤ ᠰᠤᠷᠤᠯᠴᠠᠪᠠ᠂ ᠲᠣᠰ ᠵᠢᠯ ᠦᠨ 8 ᠰᠠᠷ᠎ᠠ ᠳᠤ ᠰᠤᠷᠤᠯᠭ᠎ᠠ ᠪᠠᠨ ᠲᠡᠭᠦᠰᠬᠡᠵᠦ᠂ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠬᠦᠳᠡᠯᠭᠡᠭᠡᠨ ᠦ ᠬᠣᠯᠪᠣᠭᠠ   ᠲᠦ᠍ ᠬᠤᠷᠠᠯ  ᠤᠨ ᠵᠡᠭᠦᠨ ᠮᠣᠩᠭᠣᠯ ᠳᠠᠬᠢ ᠶᠡᠷᠦᠩᠬᠡᠶ ᠬᠤᠷᠠᠯ ᠳᠤ ᠠᠵᠢᠯ ᠬᠤᠪᠢᠶᠠᠭᠳᠠᠨ ᠡᠷᠬᠢᠯᠡᠭᠴᠢ ᠬᠠᠹᠣᠶᠠᠭᠭ᠎ᠠ  ᠵᠢᠨ ᠨᠠᠷᠢᠨ ᠪᠢᠴᠢᠭᠡᠴᠢ ᠪᠡᠷ ᠠᠵᠢᠯᠯᠠᠪᠠ᠃ 1947 ᠣᠨ ᠳᠤ ᠵᠡᠭᠦᠨ ᠬᠣᠢᠲᠤᠬᠢ ᠴᠡᠷᠢᠭ ᠵᠠᠰᠠᠭ  ᠤᠨ ᠶᠡᠬᠡ ᠰᠤᠷᠭᠠᠭᠤᠯᠢ ᠳᠤ ᠰᠤᠷᠤᠯᠴᠠᠨ 7 ᠳ᠋ᠤᠭᠠᠷ ᠰᠠᠷ᠎ᠠ ᠳᠤ ᠲᠡᠭᠦᠰᠦᠭᠡᠳ ᠦᠪᠥᠷ ᠮᠣᠩᠭᠣᠯ  ᠤᠨ ᠡᠳᠦᠷ ᠦᠨ ᠰᠣᠨᠢᠨ ᠤ ᠬᠣᠷᠢᠶ᠎ᠠ ᠳᠤ ᠨᠠᠢᠷᠠᠭᠤᠯᠤᠭᠴᠢ ᠪᠣᠯᠵᠤ᠂ ᠦᠪᠥᠷ ᠮᠣᠩᠭᠣᠯ  ᠤᠨ ᠡᠳᠦᠷ ᠦᠨ ᠰᠣᠨᠢᠨ ᠤ ᠮᠣᠩᠭᠣᠯ ᠬᠡᠪᠯᠡᠯ᠂ ᠡᠭᠦᠰᠬᠡᠨ ᠡᠷᠬᠢᠯᠡᠬᠦ ᠠᠵᠢᠯ ᠳᠤ ᠣᠷᠣᠯᠴᠠᠪᠠ᠃ ᠤᠷᠢᠳ ᠬᠣᠵᠢᠳ ᠤᠳᠬ᠎ᠠ ᠰᠣᠶᠣᠯ  ᠤᠨ ᠳᠤ  ᠤᠨ ᠳᠠᠷᠤᠭ᠎ᠠ᠂ ᠤᠯᠤᠰ ᠲᠦᠷᠥ ᠤᠳᠬ᠎ᠠ ᠰᠣᠶᠣᠯ ᠬᠡᠯᠲᠡᠰ ᠦᠨ ᠳᠡᠳ᠋ ᠡᠷᠬᠢᠯᠡᠭᠴᠢ᠃ ᠴᠠᠭ  ᠤᠨ ᠪᠠᠢᠳᠠᠯ  ᠤᠨ ᠬᠡᠯᠲᠡᠰ ᠦᠨ ᠳᠡᠳ᠋ ᠡᠷᠬᠢᠯᠡᠭᠴᠢ ᠪᠠᠢᠵᠤ᠂ 1979 ᠣᠨ ᠳᠤ ᠪᠡᠭᠡᠵᠢᠩ ᠳᠦ ᠠᠵᠢᠯ ᠰᠢᠯᠵᠵᠢᠨ ᠲᠦᠪ ᠦᠨ ᠦᠨᠳᠦᠰᠦᠲᠡᠨ ᠦ ᠬᠡᠯᠡ ᠪᠢᠴᠢᠭ ᠣᠷᠴᠢᠭᠤᠯᠬᠤ ᠲᠣᠪᠴᠢᠶᠠᠨ ᠳᠤ ᠠᠵᠢᠯᠯᠠᠵᠤ᠂ 1983 ᠣᠨ ᠳᠤ ᠠᠮᠠᠷᠠᠯᠲᠠ ᠳᠠᠭᠠᠨ ᠭᠠᠷᠴᠠᠢ᠃ 30 ᠭᠠᠷᠤᠶ ᠵᠢᠯ ᠦᠨ   ᠲᠦ᠍ᠷᠰᠢ ᠦᠪᠥᠷ ᠮᠣᠩᠭᠣᠯ  ᠤᠨ ᠡᠳᠦᠷ ᠦᠨ ᠰᠣᠨᠢᠨ ᠳᠤ ᠠᠵᠢᠯᠯᠠᠬᠤ ᠳᠠᠭᠠᠨ 《ᠣᠨᠣᠯ  ᠤᠨ ᠰᠤᠷᠤᠯᠴᠠᠯᠭ᠎ᠠ》᠂ 《ᠨᠠᠮ  ᠤᠨ ᠠᠮᠢᠳᠤᠷᠠᠯ》᠂ 《ᠴᠡᠷᠢᠭ ᠪᠠ ᠡᠷᠦᠬᠡ  ᠵᠢᠨ ᠴᠡᠷᠢᠭ》᠂ 《ᠲᠠᠯ᠎ᠠ  ᠵᠢᠨ   ᠲᠦ᠍ᠶᠠᠭ᠎ᠠ》᠂ 《ᠰᠵᠢᠨᠵᠢᠯᠡᠬᠦ ᠤᠬᠠᠭᠠᠨ ᠤ ᠶᠡᠷᠦ  ᠵᠢᠨ ᠮᠡᠳᠡᠯᠭᠡ》᠂ 《ᠡᠷᠡᠭᠦᠯ ᠬᠠᠮᠠᠭᠠᠯᠠᠯ  ᠤᠨ ᠮᠡᠳᠡᠯᠭᠡ》᠂ 《ᠤᠩᠰᠢᠭᠴᠢᠳ  ᠤᠨ ᠵᠠᠬᠢᠳᠠᠯ》 ᠵᠡᠷᠭᠡ    ᠲᠤᠰᠭᠠᠢ ᠪᠤᠯᠤᠩ ᠰᠠᠨᠠᠭᠠᠴᠢᠯᠠᠨ ᠭᠠᠷᠭᠠᠵᠤ᠂ ᠮᠣᠩᠭᠣᠯ ᠰᠣᠶᠣᠯ  ᠤᠨ ᠬᠦᠭᠵᠢᠯᠲᠡ ᠳᠦ ᠬᠦᠴᠦ ᠬᠦᠯᠥᠰᠥ ᠭᠠᠷᠭᠠᠪᠠ᠃ 20 ᠳ᠋ᠤᠭᠠᠷ ᠵᠠᠭ ᠤᠨ ᠤ ᠳᠦᠴᠢᠭᠡᠳ ᠣᠨ ᠤ ᠰᠡᠭᠦᠯᠴᠢ ᠪᠡᠷ ᠠᠷᠠᠳ  ᠤᠨ ᠴᠢᠯᠥᠭᠡᠯᠡᠬᠦ ᠲᠡᠵᠢᠨ ᠢᠳᠡᠨ ᠳᠡᠭᠡᠷ᠎ᠡ ᠪᠡᠨ ᠶᠠᠪᠤᠭᠳᠠᠵᠤ ᠪᠠᠢᠭ᠎ᠠ ᠴᠠᠭ    ᠲᠦ᠍ ᠡᠮᠦᠨ᠎ᠡ ᠹᠷᠣᠨᠲ  ᠤᠨ ᠦᠪᠥᠷ ᠮᠣᠩᠭᠣᠯ  ᠤᠨ ᠮᠣᠷᠢ   ᠲᠦ᠍ ᠴᠡᠷᠢᠭ ᠦᠨ ᠨᠢᠭᠡᠳᠦᠭᠡᠷ ᠳ᠋ᠢᠸᠢᠽᠢ  ᠵᠢᠨ ᠪᠠᠭᠠ   ᠲᠦ᠍ᠷ ᡀᠮᠤᠵᠠᠪ᠂ ᠯᠢᠶᠣᠣ —— ᠰ᠌ᠧᠨ ᠦ ᠰᠢᠳᠪᠦᠷᠢᠲᠦ ᠳᠠᠢᠯᠠᠯᠳᠤᠭᠠᠨ ᠳᠤ ᠭᠠᠷᠮᠠᠭᠠᠢᠯᠠᠨ ᠪᠠᠢᠯᠳᠤᠵᠤ ᠢᠷᠠᠭᠤ ᠠᠯᠳᠠᠷᠲᠠᠶ ᠪᠡᠶ᠎ᠡ ᠦᠷᠡᠭᠳᠡᠭᠰᠡᠨ ᠪᠠ   ᠲᠦ᠍ ᠰᠤᠮ ᠤᠨ ᠳᠠᠷᠤᠭ᠎ᠠ᠂ ᠵᠢᠴᠢ ᠭᠣᠮᠵᠢᠨᠳᠠᠩ  ᠤᠨ ᠴᠡᠷᠢᠭ ᠲᠦ ᠪᠠᠷᠢᠭᠳᠠᠵᠤ ᠠᠯᠲᠠᠨ ᠠᠮᠢ ᠪᠠᠨ ᠬᠦᠨᠥᠭᠡᠭᠳᠡᠬᠦ ᠬᠦᠷᠲᠡᠯ᠎ᠡ ᠪᠠᠭᠤᠵᠤ ᠦᠭᠭᠥᠯ ᠦᠬᠡᠶ ᠲᠡᠮᠴᠡᠭᠰᠡᠨ ᠴᠠᠬᠠᠷ ᠠᠢᠮᠠᠭ  ᠤᠨ ᠬᠦᠪᠡᠭᠡᠲᠦ ᠰᠢᠷ᠎ᠠ ᠬᠣᠰᠢᠭᠤᠨ ᠤ ᠡᠮᠡᠭᠲᠡᠶ ᠪᠠᠶᠠᠮ᠎ᠠ ᠪᠠᠭᠠ   ᠲᠦ᠍ᠷ ᠵᠡᠷᠭᠡ ᠶᠢ ᠰᠤᠷᠪᠤᠯᠵᠢᠯᠠᠨ ᠮᠡᠳᠡᠭᠡᠯᠡᠯ ᠨᠠᠢᠳᠠᠯᠠᠵᠠᠢ᠃ 20 ᠳ᠋ᠤᠭᠠᠷ ᠵᠠᠭ ᠤᠨ ᠳᠤ ᠵᠢᠷᠠᠭᠠᠳ ᠣᠨ ᠤ ᠦᠶ᠎ᠡ ᠳᠦ ᠦᠪᠥᠷ ᠮᠣᠩᠭᠣᠯ  ᠤᠨ ᠰ᠌ᠠ   ᠲᠦ᠍ᠨ ᠤ ᠰᠣᠨᠢᠨ ᠰᠡᠳᠬᠦᠯ ᠳᠦ ᠨᠡᠢᠲᠡᠯᠡᠭᠰᠡᠨ ᠵᠣᠬᠢᠶᠠᠯ ᠭᠡᠪᠡᠯ 《ᠮᠣᠩᠭᠣᠯ ᠬᠡᠯᠡ ᠶᠢ ᠳᠡᠯᠡᠬᠡᠶ ᠳᠠᠬᠵᠢᠨ ᠳᠤ ᠰᠤᠳᠤᠯᠵᠤ ᠪᠠᠢᠭ᠎ᠠ ᠠᠨᠤ》᠂ 《ᠳᠡᠯᠡᠬᠡᠶ ᠳᠡᠭᠡᠷᠡᠬᠢ ᠮᠣᠩᠭᠣᠯ ᠦᠨᠳᠦᠰᠦᠲᠡᠨ ᠦ ᠪᠠᠢᠳᠠᠯ  ᠤᠨ  ᠲᠤᠰᠭᠠᠢ》᠂ 《ᠴᠢᠩᠭᠢᠰ ᠬᠠᠭᠠᠨ ᠤ ᠶᠡᠬᠡ ᠦᠢᠯᠡᠰ ᠦᠨ ᠣᠨ ᠲᠣᠭᠠᠯᠠᠯ  ᠤᠨ ᠲᠡᠮᠳᠡᠭᠯᠡᠯ》᠂ 《ᠠᠷᠠᠳ  ᠤᠨ ᠠᠮᠠᠨ ᠵᠣᠬᠢᠶᠠᠯ ᠪᠠ ᠨᠡᠢᠭᠡᠮ ᠳᠦ ᠭᠦᠢᠵᠡᠳᠬᠡᠬᠦ ᠲᠡᠭᠦᠨ ᠦ ᠦᠢᠯᠡᠳᠦᠯ》 ᠵᠡᠷᠭᠡ ᠪᠠᠵᠢᠨ᠎ᠠ᠃