ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠢᠯᠠᠭᠤᠨᠪᠠᠭᠠᠨ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠢᠯᠠᠭᠤᠨᠪᠠᠭᠠᠨ᠎ᠠ ( 1948~ ) ᠳᠡᠭᠡᠳᠦ ᠵᠡᠷᠭᠡ  ᠵᠢᠨ ᠰᠤᠷᠪᠤᠯᠵᠢᠯᠠᠭᠴᠢ᠃ ᠳᠠᠭᠤᠷ ᠦᠨᠳᠦᠰᠦᠲᠡᠨ᠃ ᠦᠪᠥᠷ ᠮᠣᠩᠭᠣᠯ  ᠤᠨ ᠮᠣᠷᠵᠢᠨᠲᠠᠪᠠᠭ᠎ᠠ ᠳᠠᠭᠤᠷ ᠦᠨᠳᠦᠰᠦᠲᠡᠨ ᠦ ᠦᠪᠡᠷᠲᠡᠭᠡᠨ ᠵᠠᠰᠠᠬᠤ ᠬᠣᠰᠢᠭᠤᠨ ᠤ ᠬᠦᠮᠦᠨ᠃ 1965 ᠣᠨ ᠳᠤ ᠠᠩᠬ᠎ᠠ ᠵᠡᠷᠭᠡ  ᠵᠢᠨ ᠳᠤᠮᠳᠠᠳᠤ ᠰᠤᠷᠭᠠᠭᠤᠯᠢ ᠪᠠᠨ ᠲᠡᠭᠦᠰᠬᠡᠭᠡᠳ ᠪᠠᠶᠠᠨᠨᠠᠭᠤᠷ ᠠᠢᠮᠠᠭ  ᠤᠨ ᠤᠷᠢᠳ  ᠤᠨ ᠳᠤᠮᠳᠠᠳᠤ ᠬᠣᠰᠢᠭᠤᠨ ᠳᠤ ᠮᠠᠯᠴᠢᠨ ᠪᠣᠯᠪᠠ᠃ 1976 ᠣᠨ ᠳᠤ ᠦᠪᠥᠷ ᠮᠣᠩᠭᠣᠯ  ᠤᠨ ᠪᠠᠭᠰᠢ  ᠵᠢᠨ ᠶᠡᠬᠡ ᠰᠤᠷᠭᠠᠭᠤᠯᠢ  ᠵᠢᠨ ᠮᠣᠩᠭᠣᠯ ᠬᠡᠯᠡ ᠤᠳᠬ᠎ᠠ ᠵᠣᠬᠢᠶᠠᠯ  ᠤᠨ ᠰᠠᠯᠪᠤᠷᠢ ᠠᠴᠠ ᠲᠡᠭᠦᠰᠴᠦ ᠦᠪᠥᠷ ᠮᠣᠩᠭᠣᠯ  ᠤᠨ ᠡᠳᠦᠷ ᠦᠨ ᠰᠣᠨᠢᠨ ᠤ ᠬᠤᠷᠢᠶᠠᠨ ᠳᠤ ᠠᠵᠢᠯ ᠬᠤᠪᠢᠶᠠᠭᠳᠠᠵᠤ᠂ ᠰᠤᠷᠪᠤᠯᠵᠢᠯᠠᠭᠴᠢ᠂ ᠨᠠᠢᠷᠠᠭᠤᠯᠤᠭᠵᠢ  ᠵᠢᠨ ᠠᠵᠢᠯ ᠬᠢᠵᠦ ᠪᠠᠢᠭᠰᠠᠨ ᠢᠶᠠᠨ 1983 ᠣᠨ ᠳᠤ ᠲᠣᠰ ᠬᠤᠷᠢᠶᠠᠨ ᠤ ᠬᠢᠲᠠᠳ ᠬᠡᠪᠯᠡᠯ ᠦᠨ ᠲᠠᠷᠢᠶᠠᠯᠠᠩ ᠮᠠᠯ ᠠᠵᠤ ᠠᠬᠤᠶ  ᠵᠢᠨ ᠬᠡᠯᠲᠡᠰ ᠦᠨ ᠳᠡᠳ᠋ ᠡᠷᠬᠢᠯᠡᠭᠴᠢ ᠪᠣᠯᠪᠠ᠃ 1984 ᠣᠨ ᠤ 6 ᠰᠠᠷ᠎ᠠ ᠳᠤ ᠬᠦᠯᠥᠨ ᠪᠣᠢᠷ ᠠᠢᠮᠠᠭ  ᠤᠨ ᠮᠣᠷᠵᠢᠨᠲᠠᠪᠠᠭ᠎ᠠ ᠳᠠᠭᠤᠷ ᠦᠨᠳᠦᠰᠦᠲᠡᠨ ᠦ ᠦᠪᠡᠷᠲᠡᠭᠡᠨ ᠵᠠᠰᠠᠬᠤ ᠬᠣᠰᠢᠭᠤᠨ ᠳᠤ ᠲᠣᠮᠢᠯᠠᠭᠳᠠᠨ ᠳᠡᠳ᠋ ᠬᠣᠰᠢᠭᠤᠨ ᠳᠠᠷᠤᠭ᠎ᠠ᠂ ᠬᠣᠰᠢᠭᠤᠨ ᠳᠠᠷᠤᠭ᠎ᠠ ᠪᠠᠷ ᠠᠵᠢᠯᠯᠠᠪᠠ᠃ 1987 ᠣᠨ ᠤ 3 ᠰᠠᠷ᠎ᠠ ᠳᠤ ᠦᠪᠥᠷ ᠮᠣᠩᠭᠣᠯ  ᠤᠨ ᠡᠳᠦᠷ ᠦᠨ ᠰᠣᠨᠢᠨ ᠤ ᠬᠤᠷᠢᠶᠠᠨ ᠳᠠᠭᠠᠨ ᠪᠤᠴᠠᠨ ᠢᠷᠡᠭᠡᠳ᠂ ᠬᠤᠷᠢᠶᠠᠨ ᠳᠠᠷᠤᠭ᠎ᠠ  ᠵᠢᠨ   ᠲᠦ᠍ᠰᠠᠯᠠᠭᠴᠢ᠂ ᠰᠤᠷᠪᠤᠯᠵᠢᠯᠠᠭᠴᠢ  ᠵᠢᠨ ᠬᠡᠯᠲᠡᠰ ᠦᠨ ᠡᠷᠬᠢᠯᠡᠭᠴᠢ ᠪᠣᠯᠪᠠ᠃ 1995 ᠣᠨ ᠠᠴᠠ ᠡᠬᠢᠯᠡᠨ ᠦᠪᠥᠷ ᠮᠣᠩᠭᠣᠯ  ᠤᠨ ᠡᠳᠦᠷ ᠦᠨ ᠰᠣᠨᠢᠨ ᠤ ᠬᠤᠷᠢᠶᠠᠨ ᠤ ᠳᠡᠳ᠋ ᠳᠠᠷᠤᠭ᠎ᠠ ᠪᠣᠯᠵᠤ᠂ ᠮᠣᠩᠭᠣᠯ ᠰᠣᠨᠢᠨ ᠪᠠ ᠬᠡᠰᠡᠭ ᠠᠷᠤ ᠲᠠᠯ᠎ᠠ  ᠵᠢᠨ ᠠᠵᠢᠯ ᠢ ᠬᠠᠷᠢᠭᠤᠴᠠᠪᠠ᠃ 1973 ᠣᠨ ᠳᠤ ᠳᠤᠮᠳᠠᠳᠤ ᠤᠯᠤᠰ  ᠤᠨ ᠡᠪ ᠬᠠᠮᠲᠤ ᠨᠠᠮ ᠳᠤ ᠣᠷᠣᠪᠠ᠃ ᠦᠪᠥᠷ ᠮᠣᠩᠭᠣᠯ  ᠤᠨ ᠳᠠᠭᠤᠷ  ᠤᠨ ᠰᠵᠢᠨᠵᠢᠯᠡᠭᠡᠨ ᠦ ᠨᠡᠢᠭᠡᠮᠯᠢᠭ ᠦᠨ ᠳᠡᠳ᠋ ᠬᠡᠷᠡᠭ ᠡᠷᠬᠢᠯᠡᠭᠴᠢ  ᠵᠢᠨ ᠳᠠᠷᠤᠭ᠎ᠠ᠂ ᠦᠪᠥᠷ ᠮᠣᠩᠭᠣᠯ  ᠤᠨ ᠰᠣᠨᠢᠨ ᠮᠡᠳᠡᠭᠡᠨ ᠦ ᠬᠡᠷᠡᠯ ᠵᠢᠷᠤᠭ  ᠤᠨ ᠰᠵᠢᠨᠵᠢᠯᠡᠭᠡᠨ ᠦ ᠨᠡᠢᠭᠡᠮᠯᠢᠭ ᠦᠨ ᠵᠦᠪᠯᠡᠭᠴᠢ᠂ 《 ᠰᠣᠨᠢᠨ ᠮᠡᠳᠡᠭᠡᠨ ᠦ ᠰᠤᠳᠤᠯᠤᠯ》 ᠰᠡᠳᠬᠦᠯ ᠦᠨ ᠨᠠᠢᠷᠠᠭᠤᠯᠬᠤ ᠺᠣᠮᠢᠰ  ᠤᠨ ᠪᠠᠢᠩᠭᠤ  ᠵᠢᠨ ᠳᠡᠳ᠋ ᠡᠷᠬᠢᠯᠡᠭᠴᠢ᠂ 《 ᠰᠣᠨᠢᠨ ᠮᠡᠳᠡᠭᠡᠯᠡᠯ ᠦᠨ ᠰᠦᠪᠡᠭᠴᠢᠯᠡᠯ》 ᠰᠡᠳᠬᠦᠯ ᠦᠨ ᠨᠠᠢᠷᠠᠭᠤᠯᠬᠤ ᠺᠣᠮᠢᠰ  ᠤᠨ ᠡᠷᠬᠢᠯᠡᠭᠴᠢ  ᠵᠢᠨ    ᠲᠤᠰᠢᠶᠠᠯ ᠬᠠᠷᠢᠭᠤᠴᠠᠪᠠ᠃ ᠮᠣᠩᠭᠣᠯ᠂ ᠬᠢᠲᠠᠳ᠂ ᠳᠠᠭᠤᠷ ᠬᠡᠯᠡᠨ ᠳᠦ ᠨᠡᠪᠲᠡᠷᠡᠵᠦ᠂ ᠮᠣᠩᠭᠣᠯ ᠬᠢᠲᠠᠳ ᠬᠣᠶᠠᠷ ᠬᠡᠯᠡ ᠪᠡᠷ ᠵᠣᠬᠢᠶᠠᠯ ᠪᠢᠴᠢᠵᠤ᠂ 《ᠦᠪᠥᠷ ᠮᠣᠩᠭᠣᠯ  ᠤᠨ ᠡᠳᠦᠷ ᠦᠨ ᠰᠣᠨᠢᠨ》 ᠤ ᠮᠣᠩᠭᠣᠯ ᠬᠢᠲᠠᠳ ᠬᠡᠪᠯᠡᠯ᠂ 《ᠠᠷᠠᠳ  ᠤᠨ ᠡᠳᠦᠷ ᠦᠨ ᠰᠣᠨᠢᠨ》 ᠤ ᠭᠠᠳᠠᠭᠠᠳᠤ ᠳᠤ ᠵᠣᠷᠢᠭᠤᠯᠤᠭᠰᠠᠨ ᠬᠡᠪᠯᠡᠯ᠂ 《ᠳᠤᠮᠳᠠᠳᠤ ᠤᠯᠤᠰ  ᠤᠨ ᠰᠤᠷᠪᠤᠯᠵᠢᠯᠠᠭᠴᠢ》 ᠵᠡᠷᠭᠡ ᠰᠣᠨᠢᠨ ᠰᠡᠳᠬᠦᠯ ᠳᠦ 50 ᠭᠠᠷᠤᠶ ᠲᠦᠮᠡᠨ ᠦᠰᠥᠭ ᠪᠦᠬᠦᠶ ᠰᠣᠨᠢᠨ ᠮᠡᠳᠡᠭᠡᠨ ᠦ ᠵᠣᠬᠢᠶᠠᠯ ᠪᠠ ᠣᠨᠣᠯ  ᠤᠨ ᠵᠣᠬᠢᠶᠠᠯ ᠨᠠᠢᠳᠠᠯᠠᠪᠠ᠃ ᠭᠣᠣᠯ ᠪᠦᠲᠦᠭᠡᠯ ᠦᠳ ᠲᠦ 《ᠪᠠᠳᠠᠶ  ᠵᠢᠨ ᠵᠢᠷᠠᠨ ᠤ ᠭᠠᠢᠬᠠᠮᠰᠢᠭ》᠂ 《ᠲᠠᠩᠰᠤᠭ ᠠᠮᠢᠳᠤᠷᠠᠯ ᠢᠶᠠᠨ ᠴᠣᠭᠴᠠᠯᠠᠵᠤ ᠪᠠᠢᠭ᠎ᠠ ᠳᠠᠭᠤᠷᠴᠤᠳ》᠂ 《ᠨᠠᠷᠠ   ᠲᠦ᠍ ᠦᠢᠯᠡᠳᠬᠦᠨ ᠪᠣᠯ ᠠᠵᠤ ᠠᠬᠤᠢᠯᠠᠯ  ᠤᠨ ᠶᠡᠷᠦᠩᠬᠡᠶ ᠳᠠᠪᠠᠭᠤᠯᠢᠭ  ᠤᠨ ᠲᠦᠪᠯᠡᠷᠡᠩᠭᠦᠶ ᠢᠯᠡᠷᠡᠯ ᠮᠦᠨ》᠂ 《ᠳᠡᠯᠡᠬᠡᠶ  ᠵᠢᠨ ᠲᠠᠰ  ᠤᠨ ᠨᠠᠷᠠ   ᠲᠦ᠍ ᠦᠢᠯᠡᠳᠬᠦᠨ ᠪᠠ ᠠᠵᠤ ᠠᠬᠤᠢᠯᠠᠯ ᠢ ᠪᠣᠢᠵᠢᠭᠤᠯᠰᠤᠭᠠᠢ》᠂ 《ᠪᠣᠳᠠᠲᠦ᠍ ᠪᠠᠢᠳᠠᠯ ᠠᠴᠠ ᠡᠭᠦᠰᠴᠦ ᠡᠪᠡᠰᠦᠨ ᠦ ᠦᠢᠯᠡᠰ ᠮᠠᠯ ᠠᠵᠤ ᠠᠬᠤᠶ ᠶᠢ ᠬᠦᠭᠵᠢᠭᠦᠯᠬᠦ ᠪᠠᠢᠯᠳᠤᠬᠤ ᠪᠣᠳᠣᠯᠭ᠎ᠠ ᠶᠢ ᠬᠡᠷᠡᠭᠵᠢᠭᠦᠯᠰᠦᠭᠡᠢ》 《ᠦᠪᠡᠷᠮᠢᠴᠡ ᠳᠠᠪᠠᠭᠤᠯᠢᠭ ᠢᠶᠠᠨ ᠪᠠᠳᠠᠷᠠᠭᠤᠯᠵᠤ ᠴᠦᠭᠡᠨ ᠲᠣᠭᠠ   ᠲᠦ᠍ ᠦᠨᠳᠦᠰᠦᠲᠡᠨ ᠦ ᠦᠰᠥᠭ ᠪᠢᠴᠢᠭ ᠦᠨ ᠨᠠᠮ  ᠤᠨ ᠰᠣᠨᠢᠨ ᠢ ᠰᠠᠢ   ᠲᠦ᠍ᠷ ᠡᠷᠬᠢᠯᠡᠰᠦᠭᠡᠢ》 ᠵᠡᠷᠭᠡ ᠮᠣᠩᠭᠣᠯ ᠬᠢᠲᠠᠳ ᠨᠠᠢᠷᠠᠭᠤᠯᠤᠯ᠂ ᠴᠢᠮᠡᠭᠡᠯᠡᠯ᠂ ᠣᠨᠣᠯ  ᠤᠨ ᠵᠣᠬᠢᠶᠠᠯ ᠪᠣᠶ᠃ 《ᠳᠣᠷᠣᠨᠠᠰᠢ ᠪᠤᠴᠠᠭᠰᠠᠨ ᠠᠢᠮᠠᠭ  ᠤᠨ ᠦᠨᠥᠳᠦᠷ》 ᠭᠡᠬᠦ ᠴᠢᠮᠡᠭᠡᠯᠡᠯ ᠨᠢ ᠦᠪᠥᠷ ᠮᠣᠩᠭᠣᠯ  ᠤᠨ ᠨᠠᠮ  ᠤᠨ ᠬᠤᠷᠢᠶᠠᠨ ᠤ ᠤᠬᠠᠭᠤᠯᠬᠤ ᠬᠡᠯᠲᠡᠰ ᠦᠨ 《ᠦᠪᠥᠷ ᠮᠣᠩᠭᠣᠯ ᠢ ᠤᠬᠠᠭᠤᠯᠤᠭᠰᠠᠨ ᠰᠢᠯᠢᠳᠡᠭ ᠵᠣᠬᠢᠶᠠᠯ  ᠤᠨ ᠱᠠᠩᠨᠠᠯ》᠂ 《ᠡᠷᠭᠦᠨ᠎ᠡ ᠪᠠᠷᠠᠭᠤᠨ ᠬᠣᠰᠢᠭᠤᠨ ᠤ 7 ᠮᠢᠩᠭ᠎ᠠ ᠭᠠᠷᠤᠶ ᠳᠤᠮᠳᠠᠳᠤ ᠣᠷᠣᠰ  ᠤᠨ ᠬᠣᠢᠴᠢ ᠦᠶ᠎ᠡ ᠡᠩᠬᠡ ᠠᠮᠤᠭᠤᠯᠠᠩ ᠠᠮᠢᠳᠤᠷᠠᠵᠤ 90% ᠨᠢ ᠶᠠᠳᠠᠭᠤ ᠠᠴᠠ ᠠᠩᠭᠢᠵᠢᠷᠠᠪᠠ》 ᠭᠡᠬᠦ ᠮᠡᠳᠡᠭᠡ ᠨᠢ ᠦᠪᠥᠷ ᠮᠣᠩᠭᠣᠯ  ᠤᠨ ᠰᠠᠵᠢᠨ ᠰᠣᠨᠢᠨ ᠮᠡᠳᠡᠭᠡᠨ ᠦ ᠬᠣᠶᠠᠳᠤᠭᠠᠷ ᠲᠠᠰ  ᠤᠨ ᠱᠠᠩᠨᠠᠯ᠂ 《ᠴᠦᠭᠡᠨ ᠲᠣᠭᠠᠲᠦ᠍ ᠦᠨᠳᠦᠰᠦᠲᠡᠨ ᠦ ᠦᠰᠥᠭ ᠪᠢᠴᠢᠭ ᠦᠨ ᠰᠣᠨᠢᠨ ᠮᠡᠳᠡᠭᠡᠯᠡᠯ ᠦᠨ ᠶᠠᠷᠢᠶ᠎ᠠ ᠬᠡᠯᠡᠯᠵᠡᠭᠡᠨ ᠦ ᠬᠵᠢᠨᠠᠯᠲᠠ ᠲᠠᠯᠪᠢᠬᠤ ᠪᠠ ᠶᠠᠷᠢᠶ᠎ᠠ ᠬᠡᠯᠡᠯᠴᠡᠭᠡᠨ ᠦ ᠤᠳᠤᠷᠢᠳᠤᠮᠵᠢ  ᠵᠢᠨ ᠠᠰᠠᠭᠤᠳᠠᠯ  ᠤᠨ  ᠲᠤᠰᠭᠠᠢ   ᠲᠦ᠍ᠷᠰᠵᠢᠨ ᠦᠭᠦᠯᠡᠬᠦ ᠨᠢ》 ᠭᠡᠬᠦ ᠰᠣᠨᠢᠨ ᠮᠡᠳᠡᠭᠡᠨ ᠦ ᠤᠬᠠᠭᠠᠨ ᠤ ᠣᠨᠣᠯ  ᠤᠨ ᠵᠣᠬᠢᠶᠠᠯ ᠨᠢ ᠦᠪᠥᠷ ᠮᠣᠩᠭᠣᠯ  ᠤᠨ ᠰᠣᠨᠢᠨ ᠮᠡᠳᠡᠭᠡᠨ ᠦ ᠤᠬᠠᠭᠠᠨ ᠤ ᠰᠢᠯᠢᠳᠡᠭ ᠣᠨᠣᠯ  ᠤᠨ ᠵᠣᠬᠢᠶᠠᠯ  ᠤᠨ ᠱᠠᠩᠨᠠᠯ ᠢ ᠲᠣᠰ ᠲᠣᠰ ᠬᠦᠷᠲᠡᠪᠡ᠃ ᠦᠯᠡᠮᠵᠢᠬᠡᠨ ᠡᠬᠡ ᠪᠢᠴᠢᠭ ᠲᠦ ᠡᠴᠦᠰ ᠦᠨ ᠬᠵᠢᠨᠠᠯᠲᠠ ᠬᠢᠬᠦ  ᠵᠢᠨ ᠬᠠᠮᠲᠤ᠂ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠪᠠᠢᠭᠤᠯᠤᠭᠳᠠᠭᠰᠠᠨ 50 ᠵᠢᠯ ᠦᠨ ᠣᠶ  ᠵᠢᠨ ᠪᠠᠶᠠᠷ  ᠤᠨ ᠮᠡᠳᠡᠭᠡᠯᠡᠯ᠂ 16 ᠮᠤᠵᠢ ᠬᠣᠲᠠ ᠦᠪᠡᠷᠲᠡᠭᠡᠨ ᠵᠠᠰᠠᠬᠤ ᠣᠷᠣᠨ ᠤ ᠨᠠᠮ  ᠤᠨ ᠰᠣᠨᠢᠨ ᠤ ᠰᠤᠷᠪᠤᠯᠵᠢᠯᠠᠭᠴᠢᠳ  ᠤᠨ ᠦᠪᠥᠷ ᠮᠣᠩᠭᠣᠯ ᠳᠠᠬᠢ ᠰᠤᠷᠪᠤᠯᠵᠢᠯᠠᠬᠤ ᠠᠵᠢᠯᠯᠠᠭ᠎ᠠ᠂ ᠡᠵᠡᠨ᠎ᠡ ᠬᠣᠰᠢᠭᠤᠨ ᠤ ᠲᠣᠷᠭᠤᠳ ᠮᠣᠩᠭᠣᠯ  ᠤᠨ ᠡᠬᠡ ᠤᠯᠤᠰ ᠲᠠᠭᠠᠨ ᠪᠤᠴᠠᠨ ᠢᠷᠡᠭᠰᠡᠨ 300 ᠵᠢᠯ ᠦᠨ ᠣᠶ  ᠵᠢᠨ ᠪᠠᠶᠠᠷ  ᠤᠨ ᠮᠡᠳᠡᠭᠡᠯᠡᠯ᠂ ᠦᠪᠥᠷ ᠮᠣᠩᠭᠣᠯ  ᠤᠨ ᠵᠢᠯ ᠪᠦᠷᠢ ᠳᠦ ᠶᠠᠪᠤᠭᠳᠠᠳᠠᠭ ᠠᠷᠠᠳ  ᠤᠨ ᠲᠦᠯᠥᠭᠡᠯᠡᠭᠴᠢᠳ ᠦᠨ ᠶᠡᠬᠡ ᠬᠤᠷᠠᠯ ᠪᠠ ᠤᠯᠤᠰ ᠲᠦᠷᠥ  ᠵᠢᠨ ᠵᠦᠪᠯᠡᠯᠭᠡᠨ ᠦ ᠬᠤᠷᠠᠯ  ᠤᠨ ᠮᠡᠳᠡᠭᠡᠯᠡᠯ ᠵᠡᠷᠭᠡ ᠴᠢᠬᠤᠯᠠ ᠶᠡᠬᠡ ᠮᠡᠳᠡᠭᠡᠯᠡᠯ ᠦᠨ ᠠᠵᠢᠯ ᠢ ᠣᠯᠠᠨᠲᠠ ᠤᠬᠠᠭᠠᠯᠠᠵᠤ᠂ ᠵᠣᠬᠢᠶᠠᠨ ᠪᠠᠢᠭᠤᠯ ᠤᠨ ᠤᠳᠤᠷᠢᠳᠴᠤ᠂ ᠲᠡᠭᠦᠨ ᠳᠦ ᠰᠢᠭᠤᠳ ᠣᠷᠣᠯᠴᠠᠪᠠ᠃ ᠭᠣᠣᠯ ᠨᠠᠢᠷᠠᠭᠤᠯᠤᠭᠴᠢ  ᠵᠢᠨ ᠨᠢᠭᠡ  ᠵᠢᠨ ᠬᠤᠪᠢ ᠪᠠᠷ 《ᠦᠪᠥᠷ ᠮᠣᠩᠭᠣᠯ ᠳᠤ ᠲᠠᠯ᠎ᠠ ᠨᠤᠲᠤᠭ ᠯᠠ ᠪᠠᠢᠬᠤ ᠪᠢᠰᠢ》 ( ᠬᠢᠲᠠᠳ )᠂ 《ᠰᠢᠯᠢᠳᠡᠭ ᠰᠣᠨᠢᠨ ᠮᠡᠳᠡᠭᠡᠯᠡᠯ ᠦᠨ ᠲᠡᠭᠦᠪᠦᠷᠢ》 ᠭᠡᠬᠦ ᠨᠣᠮ ᠢ ᠨᠠᠢᠷᠠᠭᠤᠯ ᠤᠨ ᠬᠡᠪᠯᠡᠭᠦᠯᠪᠡ᠃ 《ᠦᠪᠥᠷ ᠮᠣᠩᠭᠣᠯ  ᠤᠨ ᠡᠳᠦᠷ ᠦᠨ ᠰᠣᠨᠢᠨ》 ᠤ ᠮᠣᠩᠭᠣᠯ ᠬᠡᠪᠯᠡᠯ ᠦᠨ ᠠᠵᠢᠯ ᠢ ᠭᠣᠣᠯᠴᠢᠯᠠᠨ ᠬᠠᠷᠢᠭᠤᠴᠠᠵᠤ᠂ ᠰᠣᠨᠢᠨ ᠮᠡᠳᠡᠭᠡᠯᠡᠯ ᠦᠨ ᠠᠵᠢᠯ ᠳᠤ ᠦᠭᠡᠷᠡᠴᠢᠯᠡᠯᠲᠡ ᠬᠢᠬᠦ ᠶᠢ ᠴᠢᠩᠭ᠎ᠠ ᠪᠠᠷᠢᠮᠲᠠᠯᠠᠨ᠂ 《ᠨᠡᠢᠭᠡᠮ ᠭᠠᠷᠠᠭ  ᠤᠨ ᠬᠡᠪᠯᠡᠯ》᠂ 《ᠠᠵᠤ ᠠᠬᠤᠶ ᠭᠠᠷᠠᠭ  ᠤᠨ ᠬᠡᠪᠯᠡᠯ》 ᠢ ᠨᠠᠮᠠᠨ ᠡᠷᠬᠢᠯᠡᠵᠦ᠂ ᠠᠯᠢ ᠣᠯᠠᠨ ᠪᠦᠲᠦᠮᠵᠢᠲᠡᠶ ᠠᠷᠭ᠎ᠠ ᠬᠡᠮᠵᠢᠶ᠎ᠡ ᠠᠪᠴᠤ᠂ ᠮᠣᠩᠭᠣᠯ ᠰᠣᠨᠢᠨ ᠤ ᠮᠡᠳᠡᠭᠡ ᠵᠠᠩᠭᠢ  ᠵᠢᠨ ᠬᠡᠮᠵᠢᠶ᠎ᠡ ᠶᠢ ᠶᠡᠬᠡ ᠪᠡᠷ ᠨᠡᠮᠡᠭᠳᠡᠭᠦᠯᠵᠦ᠂ ᠰᠣᠨᠢᠨ ᠮᠡᠳᠡᠭᠡ ᠶᠢ ᠠᠯᠢ ᠲᠦᠷᠭᠡᠨ ᠢᠶᠡᠷ ᠤᠩᠰᠢᠭᠴᠢᠳ ᠲᠠᠢ ᠵᠤᠯᠭᠠᠭᠤᠯᠵᠤ᠂ ᠤᠬᠠᠭᠤᠯᠭ᠎ᠠ  ᠵᠢᠨ ᠦᠷ᠎ᠡ ᠪᠦᠲᠦᠮᠵᠢ ᠶᠢ ᠴᠢᠩᠭᠠᠳᠬᠠᠪᠠ᠃ ᠮᠣᠩᠭᠣᠯ ᠬᠡᠯᠡᠨ ᠦ 《ᠦᠪᠥᠷ ᠮᠣᠩᠭᠣᠯ  ᠤᠨ ᠠᠮᠢᠳᠤᠷᠠᠯ ᠭᠠᠷᠠᠭ  ᠤᠨ ᠰᠣᠨᠢᠨ》 ᠢ ᠡᠭᠦᠰᠬᠡᠨ ᠡᠷᠬᠢᠯᠡᠪᠡ᠃ ᠰᠣᠨᠢᠨ ᠤ ᠬᠤᠷᠢᠶᠠᠨ ᠤ ᠬᠡᠪᠯᠡᠬᠦ ᠦᠢᠯᠡᠳᠪᠦᠷᠢ ᠶᠢ ᠬᠤᠪᠢᠲᠠᠨ ᠬᠠᠮᠢᠶᠠᠷᠴᠤ᠂ ᠦᠪᠡᠷᠲᠡᠭᠡᠨ ᠵᠠᠰᠠᠬᠤ ᠣᠷᠣᠨ ᠤ ᠡᠳ᠋ ᠦᠨ ᠵᠠᠰᠠᠭ  ᠤᠨ ᠳᠡᠮᠵᠢᠯᠭᠡ ᠶᠢ ᠣᠯᠵᠤ᠂ ᠲᠡᠷᠢᠭᠦᠨ ᠦ ᠮᠠᠰᠵᠢᠨ ᠲᠦᠬᠥᠭᠡᠷᠦᠮᠵᠢ ᠣᠷᠣᠭᠤᠯᠵᠤ᠂ ᠬᠡᠪᠯᠡᠬᠦ ᠴᠵᠢᠨᠠᠷ ᠢ ᠰᠠᠢᠵᠢᠷᠠᠭᠤᠯᠵᠤ᠂ ᠲᠣᠰ ᠰᠣᠨᠢᠨ ᠤ ᠲᠦᠩᠯᠢᠶᠦᠦ ᠳᠡᠬᠢ ᠬᠡᠪᠯᠡᠬᠦ ᠭᠠᠵᠠᠷ ᠢ ᠰᠡᠷᠭᠦᠭᠡᠵᠦ᠂ 《ᠠᠷᠠᠳ  ᠤᠨ ᠡᠳᠦᠷ ᠦᠨ ᠰᠣᠨᠢᠨ》 ᠵᠡᠷᠭᠡ ᠲᠦᠪ ᠦᠨ ᠰᠣᠨᠢᠨ ᠢ ᠣᠷᠣᠯᠠᠨ ᠬᠡᠪᠯᠡᠵᠦ᠂ ᠤᠤᠯ ᠨᠢ 5 ᠵᠦᠢᠯ ᠪᠠᠢᠭᠰᠠᠨ ᠠᠴᠠ 25 ᠵᠦᠢᠯ ᠦᠨ ᠰᠣᠨᠢᠨ ᠬᠡᠪᠯᠡᠬᠦ ᠪᠣᠯᠵᠤ᠂ ᠦᠢᠯᠡᠳᠬᠦᠨ ᠦ ᠦᠷᠲᠡᠭ ᠢ ᠴᠦ ᠲᠠᠰᠤᠷᠠᠯᠲᠠ ᠦᠬᠡᠶ ᠨᠡᠮᠡᠭᠳᠡᠭᠦᠯᠪᠡ᠃