ᠨᠡᠷ᠎ᠡ:
ᠴᠢᠮᠠᠳᠳᠤᠷᠵᠢ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠴᠢᠮᠠᠳᠳᠤᠷᠵᠢ᠂ ( 1939~ ) ᠳᠡᠭᠡᠳᠦ ᠵᠡᠷᠭᠡ ᠵᠢᠨ ᠨᠠᠢᠷᠠᠭᠤᠯᠤᠭᠴᠢ᠃ ᠦᠪᠥᠷ ᠮᠣᠩᠭᠣᠯ ᠤᠨ ᠵᠣᠣ ᠤᠳᠠ ᠠᠢᠮᠠᠭ ᠤᠨ ᠪᠠᠭᠠᠷᠢᠨ ᠵᠡᠭᠦᠨ ᠬᠣᠰᠢᠭᠤᠨ ᠳᠤ ᠲᠦᠷᠥᠪᠡ᠃ ᠡᠪ ᠬᠠᠮᠲᠤ ᠨᠠᠮ ᠤᠨ ᠭᠡᠰᠢᠭᠦᠨ᠂ ᠳᠤᠮᠳᠠᠳᠤ ᠤᠯᠤᠰ ᠤᠨ ᠲᠧᠯᠸᠢᠰ ᠤᠷᠠᠯᠢᠭᠴᠢᠳ ᠤᠨ ᠨᠡᠢᠭᠡᠮᠯᠢᠭ ᠦᠨ ᠭᠡᠰᠢᠭᠦᠨ᠂ ᠳᠤᠮᠳᠠᠳᠤ ᠤᠯᠤᠰ ᠤᠨ ᠷᠠᠳᠢᠣ᠋ ᠲᠧᠯᠸᠢᠰ ᠦᠨ ᠰᠤᠳᠤᠯᠭᠠᠨ ᠤ ᠨᠡᠢᠭᠡᠮᠯᠢᠭ ᠦᠨ ᠭᠡᠰᠢᠭᠦᠨ᠂ 1959 ᠣᠨ ᠤ 7 ᠰᠠᠷ᠎ᠠ ᠳᠤ ᠦᠪᠥᠷ ᠮᠣᠩᠭᠣᠯ ᠤᠨ ᠮᠣᠩᠭᠣᠯ ᠬᠡᠯᠡ ᠪᠢᠴᠢᠭ ᠦᠨ ᠲᠤᠰᠭᠠᠢ ᠮᠡᠷᠭᠡᠵᠢᠯ ᠦᠨ ᠰᠤᠷᠭᠠᠭᠤᠯᠢ ᠵᠢᠨ ᠨᠠᠢᠷᠠᠭᠤᠯᠭ᠎ᠠ ᠵᠢᠨ ᠠᠩᠭᠢ ᠶᠢ ᠲᠡᠭᠦᠰᠬᠡᠭᠡᠳ ᠠᠵᠢᠯ ᠳᠤ ᠭᠠᠷᠪᠠ᠃ 1959. 8 —— 1962. 8 ᠰᠠᠷ᠎ᠠ ᠬᠦᠷᠲᠡᠯ᠎ᠡ᠂ ᠦᠪᠥᠷ ᠮᠣᠩᠭᠣᠯ ᠤᠨ ᠠᠷᠠᠳ ᠤᠨ ᠷᠠᠳᠢᠣ᠋ ᠨᠡᠪᠲᠡᠷᠡᠭᠦᠯᠭᠡ ᠵᠢᠨ ᠬᠤᠷᠢᠶᠠᠨ ᠤ ᠮᠣᠩᠭᠣᠯ ᠨᠠᠢᠷᠠᠭᠤᠯᠬᠤ ᠬᠡᠯᠲᠡᠰ ᠦᠨ ᠤᠳᠬ᠎ᠠ ᠤᠷᠠᠯᠢᠭ ᠤᠨ ᠳᠡᠳ᠋ ᠨᠠᠢᠷᠠᠭᠤᠯᠤᠭᠴᠢ ᠪᠠᠷ ᠠᠵᠢᠯᠯᠠᠪᠠ᠃ 1962. 8~ 198L 4 ᠰᠠᠷ᠎ᠠ ᠬᠦᠷᠲᠡᠯ᠎ᠡ᠂ ᠦᠪᠥᠷ ᠮᠣᠩᠭᠣᠯ ᠤᠨ ᠷᠠᠳᠢᠣ᠋ ᠲᠧᠯᠸᠢᠰ ᠤᠷᠠᠨ ᠰᠠᠢᠬᠠᠨ ᠤ ᠪᠦᠯᠬᠦᠮ ᠳᠦ ᠨᠠᠢᠷᠠᠭᠤᠯᠤᠭᠴᠢ᠂ ᠵᠣᠬᠢᠶᠠᠭᠴᠢ᠂ ᠤᠳᠤᠷᠢᠳᠤᠭᠠᠴᠢ ᠵᠢᠨ ᠲᠦ᠍ᠰᠠᠯᠠᠭᠴᠢ ᠪᠠᠷ ᠠᠵᠢᠯᠯᠠᠪᠠ᠃ 198L 4——2000. 4 ᠰᠠᠷ᠎ᠠ ᠬᠦᠷᠲᠡᠯ᠎ᠡ ᠤᠷᠢᠳ ᠬᠣᠵᠢᠳ ᠦᠪᠥᠷ ᠮᠣᠩᠭᠣᠯ ᠤᠨ ᠲᠧᠯᠸᠢᠰ ᠬᠤᠷᠢᠶᠠᠨ ᠤ ᠮᠣᠩᠭᠣᠯ ᠨᠠᠢᠷᠠᠭᠤᠯᠭ᠎ᠠ ᠵᠢᠨ ᠳᠤ᠂ ᠲᠧᠯᠸᠢᠰ ᠵᠦᠴᠦᠭᠡ ᠵᠢᠨ ᠬᠡᠯᠲᠡᠰ᠂ ᠤᠳᠬ᠎ᠠ ᠤᠷᠠᠯᠢᠭ ᠤᠨ ᠬᠡᠯᠲᠡᠰ ᠲᠦ ᠨᠠᠢᠷᠠᠭᠤᠯᠤᠭᠴᠢ᠂ ᠳᠤ ᠤᠨ ᠳᠠᠷᠤᠭ᠎ᠠ᠂ ᠤᠷᠠᠯᠢᠭ ᠤᠨ ᠵᠢᠯᠣᠭᠣᠳᠣᠭᠴᠢ᠂ ᠬᠵᠢᠨᠠᠭᠴᠢ ᠵᠢᠨ ᠠᠵᠢᠯ ᠬᠢᠵᠠᠶ᠃ 40 ᠭᠠᠷᠤᠶ ᠵᠢᠯ ᠦᠨ ᠲᠦ᠍ᠷᠰᠢ᠂ ᠲᠡᠷᠡ ᠷᠠᠳᠢᠣ᠋ ᠪᠤᠶᠤ ᠲᠧᠯᠸᠢᠰ ᠦᠨ ᠨᠠᠢᠷᠠᠭᠤᠯᠭ᠎ᠠ ᠵᠢᠨ ᠠᠵᠢᠯ ᠬᠢᠬᠦ ᠵᠢᠨ ᠳᠠᠭᠠᠤ ᠣᠷᠴᠢᠭᠤᠯᠬᠤ᠂ ᠵᠣᠬᠢᠶᠠᠬᠤ᠂ ᠫᠷᠥᠭᠷᠡᠮ ᠡᠷᠬᠢᠯᠡᠬᠦ᠂ ᠤᠳᠤᠷᠢᠳᠤᠭᠠᠴᠢᠯᠠᠬᠤ᠂ ᠲᠣᠭᠯᠠᠬᠤ᠂ ᠤᠬᠠᠭᠠᠯᠠᠬᠤ ᠠᠵᠢᠯ ᠢ ᠴᠤ ᠬᠢᠵᠦ᠂ ᠦᠪᠥᠷ ᠮᠣᠩᠭᠣᠯ ᠤᠨ ᠮᠣᠩᠭᠣᠯ ᠬᠡᠯᠡᠨ ᠦ ᠷᠠᠳᠢᠣ᠋ ᠲᠧᠯᠸᠢᠰ ᠲᠦ ᠣᠯᠠᠨ ᠲᠦᠷᠥᠯ ᠵᠦᠢᠯ ᠦᠨ ᠫᠷᠥᠭᠷᠡᠮ ᠦᠢᠯᠡᠳᠪᠦᠷᠢᠯᠡᠵᠡᠢ᠃ ᠲᠦ᠍ᠬᠠᠢᠯᠠᠪᠠᠯ᠂ ᠣᠷᠴᠢᠭᠤᠯᠬᠤ ᠵᠢᠨ ᠬᠠᠮᠲᠤ ᠤᠳᠤᠷᠢᠳᠤᠭᠠᠴᠢᠯᠠᠵᠤ᠂ ᠰᠢᠩᠭᠡᠭᠡᠭᠰᠡᠨ ᠷᠠᠳᠢᠣ᠋ ᠵᠦᠴᠦᠭᠡ 《 ᠵᠢᠨ ᠰᠦᠧᠸ ᠵᠢᠨ ᠰᠦᠧᠸ ᠬᠣᠶᠠᠷ》᠂ ᠰᠢᠩᠭᠡᠭᠡᠭᠰᠡᠨ ᠷᠠᠳᠢᠣ᠋ ᠦᠭᠦᠯᠡᠯᠭᠡ 《ᠰᠢᠯᠦᠭ ᠦᠨ ᠳᠠᠪᠠᠯᠭᠠᠨ》᠂ ᠲᠣᠪᠴᠢᠯᠠᠨ ᠦᠢᠯᠡᠳᠦᠭᠰᠡᠨ ᠺᠵᠢᠨᠤ᠋ 《ᠨᠠᠮ ᠤᠨ ᠦᠬᠵᠢᠨ》᠂ ᠬᠠᠪᠰᠤᠷ ᠤᠨ ᠪᠢᠴᠢᠭᠯᠠᠵᠤ ᠬᠣᠷᠰᠵᠢᠨ ᠬᠡᠯᠡᠭᠰᠡᠨ ᠱᠣᠭ ᠶᠠᠷᠢᠶ᠎ᠠ 《ᠳᠠᠯᠠᠨ ᠬᠤᠳᠠᠯᠴᠢ》᠂ 《 ᠠᠮᠢᠨᠴᠢᠷ ᠬᠦᠦ》᠂ 《ᠰᠡᠭᠦᠳᠡᠷ ᠲᠠᠲᠠᠭᠰᠠᠨ ᠨᠢ》᠂ 《ᠡᠮᠡᠭᠲᠡᠶ ᠪᠠᠷᠢᠭᠠᠳᠠ ᠵᠢᠨ ᠳᠠᠷᠤᠭ᠎ᠠ》᠂ 《ᠠᠯᠠᠭ ᠳᠠᠪᠬᠤᠷ ᠲᠦ᠍ ᠪᠠᠭᠤᠳᠠᠯ》᠂ ᠬᠣᠷᠰᠵᠢᠨ ᠲᠣᠭᠯᠠᠵᠤ ᠰᠢᠩᠭᠡᠭᠡᠭᠰᠡᠨ ᠡᠯᠭᠦᠭᠡ ᠦᠭᠡ 《ᠫᠤᠤ》᠂ 《ᠦᠦᠰᠵᠢᠨᠵᠦᠦ ᠵᠢᠨ ᠮᠠᠭᠲᠠᠭᠠᠯ》᠂ ᠬᠣᠷᠰᠵᠢᠨ ᠤᠳᠤᠷᠢᠳᠤᠭᠠᠴᠢᠯᠠᠵᠤ ᠦᠢᠯᠡᠳᠦᠭᠰᠡᠨ ᠲᠧᠯᠸᠢᠰ ᠵᠦᠴᠦᠭᠡ 《ᠠᠷᠢᠬᠢ ᠲᠠᠮᠠᠬᠢ》᠂ ᠬᠦᠲᠥᠯᠵᠦ ᠭᠦᠢᠴᠡᠳᠬᠡᠭᠰᠡᠨ 1979 ᠣᠨ ᠤ 《 ᠰᠢᠷᠠᠭᠴᠢᠨ ᠬᠣᠨᠵᠢᠨ ᠵᠢᠯ ᠦᠨ ᠲᠧᠯᠸᠢᠰ ᠠᠬᠤᠶ ᠨᠡᠪᠲᠡᠷᠡᠭᠦᠯᠭᠡ ᠵᠢᠨ ᠨᠠᠢᠷ》᠂ ᠵᠢᠯᠣᠭᠣᠳᠣᠨ ᠦᠢᠯᠡᠳᠦᠭᠰᠡᠨ 1982 ᠣᠨ ᠤ 《ᠨᠣᠬᠠᠶ ᠵᠢᠯ ᠦᠨ ᠲᠧᠯᠸᠢᠰ ᠢᠷᠥᠭᠡᠯ》᠂ ᠬᠦᠲᠥᠯᠥᠨ ᠭᠦᠢᠴᠡᠳᠬᠡᠭᠰᠡᠨ 1989 ᠣᠨ ᠤ 《ᠦᠪᠥᠷ ᠮᠣᠩᠭᠣᠯ ᠤᠨ ᠠᠩᠬᠠᠳᠠᠭᠴᠢ ᠮᠣᠩᠭᠣᠯ ᠳᠠᠭᠤᠤ ᠵᠢᠨ ᠲᠧᠯᠸᠢᠰ ᠱᠠᠩᠨᠠᠯ ᠲᠦ᠍ ᠮᠦᠷᠥᠢᠴᠡᠭᠡᠨ》 ᠵᠡᠷᠭᠡ ᠪᠣᠯᠣᠨ᠎ᠠ᠃ ᠵᠦᠴᠦᠭᠡ ᠵᠢᠨ ᠲᠡᠭᠦᠪᠦᠷᠢ 《ᠰ᠌ᠣᠩᠬᠣᠷ ᠠᠭᠤᠯᠠ ᠵᠢᠨ ᠵᠡᠭᠦᠳᠦ》᠂ ᠳᠠᠭᠤᠤ ᠰᠢᠩᠭᠡᠭᠡᠯᠲᠡ ᠵᠢᠨ ᠬᠠᠢᠷᠴᠠᠭ ᠲᠦ᠍ ᠹᠢᠯᠢᠮ 《ᠬᠦᠳᠡᠭᠡ ᠵᠢᠨ ᠰᠠᠯᠬᠢ》 ( 1᠂ 2 ) ᠶᠢ ᠬᠡᠪᠯᠡᠭᠦᠯᠵᠡᠢ᠃ 200 ᠭᠠᠷᠤᠶ ᠳᠠᠭᠤᠤ ᠵᠢᠨ ᠦᠭᠡ ᠪᠣᠯ ᠤᠨ 《ᠲᠡᠯᠡᠶ ᠵᠢᠨ ᠭᠠᠷᠠᠮ》᠂ 《ᠯᠦᠩ ᠵᠢᠶᠠᠩ ᠤᠨ ᠮᠠᠭᠲᠠᠭᠠᠯ》᠂ 《ᠤᠮᠠᠷ᠎ᠠ ᠲᠦ᠍ ᠣᠷᠣᠨ ᠤ ᠰᠡᠳᠬᠢᠯᠭᠡ》 ᠵᠡᠷᠭᠡ ᠣᠲᠣ ᠦᠶ᠎ᠡ ᠵᠢᠨ ᠪᠡᠭᠡᠵᠢᠩ ᠵᠦᠴᠦᠭᠡ ᠵᠢᠨ ᠪᠦᠬᠥ ᠳᠠᠭᠤᠯᠠᠯ ᠢ ᠣᠷᠴᠢᠭᠤᠯᠵᠠᠢ᠃ ᠦᠪᠥᠷ ᠮᠣᠩᠭᠣᠯ ᠤᠨ ᠷᠠᠳᠢᠣ᠋ ᠤᠷᠠᠨ ᠰᠠᠢᠬᠠᠨ ᠤ ᠪᠦᠯᠬᠦᠮ ᠪᠣᠯ ᠤᠨ ᠦᠪᠥᠷ ᠮᠣᠩᠭᠣᠯ ᠤᠨ ᠠᠷᠠᠳ ᠤᠨ ᠳᠠᠭᠤᠤ ᠵᠢᠨ ᠴᠢᠭᠤᠯᠭᠠᠨ ᠪᠢᠴᠢᠭ ᠦᠨ ᠠᠯᠪᠠᠨ ᠬᠡᠷ ᠲᠦ ᠤᠷᠢᠳ ᠬᠣᠵᠢᠳ 1000 ᠭᠠᠷᠤᠶ ᠠᠷᠠᠳ ᠤᠨ ᠳᠠᠭᠤᠤ ᠲᠡᠮᠳᠡᠭᠯᠡᠯ ᠡᠮᠬᠢᠳᠬᠡᠵᠦ ᠦᠭᠪᠡ᠃ ᠡᠭᠦᠨ ᠦ ᠤᠯᠠᠮ ᠠᠴᠠ 1988 ᠣᠨ ᠤ 10 ᠰᠠᠷ᠎ᠠ ᠳᠤ᠂ ᠳᠤᠮᠳᠠᠳᠤ ᠤᠯᠤᠰ ᠤᠨ ᠰᠣᠶᠣᠯ ᠤᠨ ᠶᠠᠮ ᠤᠨ᠂ ᠤᠯᠤᠰ ᠤᠨ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ ᠪᠣᠯ ᠤᠨ ᠪᠦᠬᠥ ᠤᠯᠤᠰ ᠤᠨ ᠤᠷᠠᠯᠢᠭ ᠤᠨ ᠰᠵᠢᠨᠵᠢᠯᠡᠬᠦ ᠤᠬᠠᠭᠠᠨ ᠤ ᠲᠦᠰᠥᠪᠯᠡᠭᠡ ᠵᠢᠨ ᠤᠳᠤᠷᠢᠳᠬᠤ ᠳᠤ ᠠᠴᠠ ᠬᠠᠮᠲᠤᠷᠠᠨ ᠲᠦᠭᠡᠭᠡᠭᠰᠡᠨ 《. . . . ᠤᠷᠠᠨ ᠰᠠᠢᠬᠠᠨ ᠤ ᠴᠢᠭᠤᠯᠭᠠᠨ ᠲᠡᠮᠳᠡᠭᠯᠡᠯ ᠦᠨ ᠪᠢᠴᠢᠭ ᠦᠨ ᠨᠠᠢᠷᠠᠭᠤᠯᠭ᠎ᠠ ᠵᠢᠨ ᠠᠵᠢᠯ ᠪᠣᠯ ᠤᠨ ᠮᠠᠲ᠋ᠧᠷᠢᠶᠠᠯ ᠡᠮᠬᠢᠳᠬᠡᠯ ᠦᠨ ᠠᠵᠢᠯ ᠳᠤ ᠤᠳᠠᠭᠠᠨ ᠵᠢᠯ ᠣᠷᠣᠯᠴᠠᠵᠤ ᠬᠤᠪᠢ ᠨᠡᠮᠡᠷᠢ ᠦᠵᠡᠭᠦᠯᠦᠭᠰᠡᠨ . . . .》 ᠳᠤᠷᠠᠰᠬᠠᠯ ᠤᠨ ᠪᠢᠴᠢᠭ ᠢ ᠤᠯᠪᠠ᠃ ᠰᠢᠶᠠᠩᠭᠠᠩ ᠤᠨ ᠠᠽᠢᠶ᠎ᠠ ᠲᠧᠯᠸᠢᠰ ᠬᠣᠷᠢᠶ᠎ᠠ ᠶᠢ ᠬᠠᠪᠰᠤᠷᠴᠤ 20 ᠪᠦᠯᠦᠭᠲᠦ ᠲᠧᠯᠸᠢᠰ ᠵᠦᠴᠦᠭᠡ 《ᠴᠢᠩᠭᠢᠰ ᠬᠠᠭᠠᠨ》 ᠤ ᠭᠠᠳᠠᠷ ᠦᠵᠡᠭᠳᠡᠯ ᠢ ᠤᠳᠤᠷᠢᠳᠤᠭᠠᠴᠢᠯᠠᠨ ᠵᠢᠷᠤᠭᠯᠠᠵᠤ ᠦᠩᠭᠡᠷᠡᠪᠡ᠃ ᠪᠠᠰᠠ 1987 ᠣᠨ ᠳᠤ ᠦᠪᠥᠷ ᠮᠣᠩᠭᠣᠯ ᠤᠨ ᠷᠠᠳᠢᠣ᠋ ᠬᠤᠷᠢᠶᠠᠨ ᠤ ᠦᠢᠯᠡᠳᠦᠭᠰᠡᠨ 《ᠤᠯᠤᠰ ᠤᠨ ᠳᠡᠳ᠋ ᠲᠡᠷᠢᠭᠦᠯᠡᠭᠴᠢ ᠤᠯᠠᠭᠠᠨᠭᠦᠦ ᠦᠪᠥᠷ ᠮᠣᠩᠭᠣᠯ ᠤᠨ ᠬᠡᠰᠡᠭ ᠤᠷᠠᠯᠢᠭᠴᠢᠳ ᠯᠤᠭ᠎ᠠ ᠵᠢᠨ ᠴᠠᠭᠠᠨ ᠰᠠᠷ᠎ᠠ ᠵᠢᠨ ᠲᠧᠯᠸᠢᠰ ᠦᠳᠡᠰᠢᠯᠡᠭᠡ》᠂ 《ᠦᠪᠥᠷ ᠮᠣᠩᠭᠣᠯ ᠤᠨ ᠠᠩᠬ᠎ᠠ ᠤᠳᠠᠭᠠᠨ ᠤ ᠨᠠᠭᠠᠳᠤᠮ ᠤᠨ ᠶᠡᠬᠡ ᠬᠤᠷᠠᠯ》 ᠵᠡᠷᠭᠡ ᠬᠡᠳᠦᠨ ᠠᠷᠪᠠᠨ ᠲᠣᠮᠣ ᠬᠡᠯᠪᠡᠷᠢ ᠵᠢᠨ ᠷᠠᠳᠢᠣ᠋ ᠲᠧᠯᠸᠢᠰ ᠫᠷᠥᠭᠷᠡᠮ ᠢ ᠳᠠᠭᠠᠭᠠᠴᠢᠯᠠᠵᠤ ᠬᠦᠲᠥᠯᠵᠦ ᠦᠩᠭᠡᠷᠡᠪᠡ᠃ 100 ᠭᠠᠷᠤᠶ ᠬᠤᠭᠤᠴᠠᠭ᠎ᠠ ᠮᠣᠩᠭᠣᠯ ᠲᠧᠯᠸᠢᠰ ᠦᠨ 《ᠵᠠᠷ ᠤᠷᠠᠯᠢᠭ》 ᠫᠷᠥᠭᠷᠡᠮ ᠢ ᠨᠠᠢᠷᠠᠭᠤᠯᠵᠤ᠂ ᠬᠢᠨᠠᠨ ᠦᠢᠯᠡᠳᠴᠦ ᠨᠡᠪᠲᠡᠷᠡᠭᠦᠯᠪᠡ᠃ ᠲᠡᠭᠦᠨ ᠦ ᠪᠢᠴᠢᠭᠯᠠᠵᠤ ᠬᠣᠷᠰᠢᠵᠤ ᠲᠣᠭᠯᠠᠭᠰᠠᠨ ᠱᠣᠭ ᠶᠠᠷᠢᠶ᠎ᠠ 《ᠳᠠᠯᠠᠨ ᠬᠤᠳᠠᠯᠴᠢ》᠂ ᠦᠭᠡᠷᠡᠴᠢᠯᠡᠨ ᠨᠠᠢᠷᠠᠭᠤᠯᠤᠭᠰᠠᠨ ᠲᠣᠮᠣ ᠬᠡᠯᠪᠡᠷᠢ ᠵᠢᠨ ᠳᠠᠭᠤᠷᠢ ᠵᠢᠨ ᠳᠡᠪᠲᠡᠷ 《ᠰ᠌ᠣᠩᠬᠣᠷ ᠠᠭᠤᠯᠠ ᠵᠢᠨ ᠵᠡᠭᠦᠳᠦ》 ᠨᠢ ᠲᠧᠯᠸᠢᠰ ᠵᠦᠴᠦᠭᠡ 《ᠡᠷᠡᠮᠡᠯᠵᠡᠯᠡᠯ》᠂ 《ᠡᠪᠦᠭᠡ ᠵᠢᠨ ᠪᠣᠳᠣᠯ》᠂ 《ᠬᠣᠯᠠ ᠵᠢᠨ ᠲᠡᠷᠭᠡᠯ ᠬᠦᠳᠡᠭᠡ》 ᠨᠢ ᠤᠷᠢᠳ ᠬᠣᠵᠢᠳ ᠦᠪᠥᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠤ 《ᠰᠠᠷᠠᠨ᠎ᠠ》 ᠱᠠᠩᠨᠠᠯ ᠬᠦᠷᠲᠡᠪᠡ᠃ ᠵᠣᠬᠢᠶᠠᠨ ᠪᠢᠴᠢᠭᠰᠡᠨ 《ᠲᠧᠯᠸᠢᠰ ᠳᠠᠭᠠᠭᠠᠮᠠᠯ ᠤᠨ ᠨᠦᠬᠥᠴᠡᠯ ᠦᠨ ᠲᠤᠰᠭᠠᠢ ᠦᠭᠦᠯᠡᠬᠦ ᠨᠢ》 ᠬᠡᠮᠡᠬᠦ ᠦᠭᠦᠯᠡᠯ ᠨᠢ 1997 ᠣᠨ ᠳᠤ ᠦᠪᠥᠷ ᠮᠣᠩᠭᠣᠯ ᠤᠨ ᠷᠠᠳᠢᠣ᠋ ᠲᠧᠯᠸᠢᠰ ᠦᠨ ᠡᠷᠳᠡᠮ ᠰᠵᠢᠨᠵᠢᠯᠡᠭᠡᠨ ᠦ ᠰᠡᠳᠬᠦᠯ ᠦᠨ ᠰᠢᠯᠭᠠᠷᠠᠭᠤᠯᠤᠯᠲᠠ ᠳᠤ ᠨᠢᠭᠡᠳᠦᠭᠡᠷ ᠲᠠᠰ ᠤᠨ ᠱᠠᠩᠨᠠᠯ ᠬᠦᠷᠲᠡᠪᠡ᠃ ᠤᠬᠠᠭᠠᠯᠠᠨ ᠬᠵᠢᠨᠠᠵᠤ ᠦᠢᠯᠡᠳᠦᠭᠰᠡᠨ ᠲᠧᠯᠸᠢᠰ ᠵᠦᠴᠦᠭᠡ 《ᠣᠢ ᠲᠦ᠍ ᠠᠭᠤᠯᠠ ᠵᠢᠨ ᠮᠠᠨᠠᠨ》 ᠨᠢ 1986 ᠣᠨ ᠳᠤ ᠪᠦᠬᠥ ᠤᠯᠤᠰ ᠤᠨ ᠴᠦᠭᠡᠨ ᠲᠣᠭ᠎ᠠ ᠲᠦ᠍ ᠦᠨᠳᠦᠰᠦᠲᠡᠨ ᠦ ᠰᠡᠳᠦᠪ ᠦᠨ ᠲᠧᠯᠸᠢᠰ ᠵᠦᠴᠦᠭᠡ ᠵᠢᠨ 《ᠠᠵᠵᠢᠨᠠᠶ ᠬᠦᠯᠦᠭ》 ᠱᠠᠩᠨᠠᠯ ᠬᠦᠷᠲᠡᠵᠡᠶ᠃
Copyight 2016 by nmgmzw.gov.cn All Rights Reserved